︽ᠬᠣᠪᠳᠣ ᠨᠣᠮ ᠤᠨ ᠪᠠᠶᠠᠷ-2019︾ ᠵᠣᠬᠢᠶᠠᠨ ᠪᠠᠶᠢᠭᠤᠯᠪᠠ  | News.MN

 ︽ᠬᠣᠪᠳᠣ ᠨᠣᠮ ᠤᠨ ᠪᠠᠶᠠᠷ-2019︾ ᠵᠣᠬᠢᠶᠠᠨ ᠪᠠᠶᠢᠭᠤᠯᠪᠠ

︽ᠠᠯᠲᠠᠢ ᠬᠠᠨ ︾ ᠬᠥᠭᠵᠢᠯ ᠦᠨ ᠰᠠᠩ ᠤᠨ ᠲᠡᠷᠢᠭᠦᠨ ᠲ∙ᠪᠠᠲᠤᠲᠤᠯᠭ᠎ᠠ ᠶᠢᠨ ᠰᠠᠨᠠᠭᠠᠴᠢᠯᠠᠭ᠎ᠠ ᠪᠠᠷ  ︽ᠬᠣᠪᠳᠣ ᠨᠣᠮ ᠤᠨ ᠪᠠᠶᠠᠷ-2019︾ ᠦᠢᠯᠡ ᠠᠵᠢᠯᠯᠠᠭ᠎ᠠ ᠵᠣᠬᠢᠶᠠᠨ ᠪᠠᠶᠢᠭᠤᠯᠤᠯ᠎ᠠ᠃ ᠣᠷᠣᠨ ᠨᠤᠲᠤᠭ ᠤᠨ ᠢᠷᠭᠡᠳ ᠲᠦ ᠨᠣᠮ ᠤᠩᠰᠢᠬᠤ ᠳᠠᠳᠤᠯ ᠬᠡᠪᠰᠢᠭᠦᠯᠬᠦ᠂ ᠬᠡᠦᠬᠡᠳ ᠪᠠᠭᠠᠴᠤᠳ᠂ ᠥᠰᠪᠦᠷᠢ ᠦᠶ᠎ᠡ᠂ ᠵᠠᠯᠠᠭᠤᠴᠤᠳ ᠢ ᠨᠣᠮ ᠲᠠᠢ ᠨᠥᠬᠦᠷᠯᠡᠭᠦᠯᠬᠦ᠂ ᠨᠣᠮ ᠢᠶᠠᠷ ᠳᠠᠮᠵᠢᠭᠤᠯᠤᠨ ᠪᠣᠯᠪᠠᠰᠤᠷᠠᠯ᠂ ᠬᠦᠮᠦᠵᠢᠯ ᠣᠯᠭᠤᠬᠤ ᠳᠤ ᠡᠨᠡᠬᠦ ᠦᠢᠯᠡ ᠠᠵᠢᠯᠯᠠᠭᠠᠨ ᠤ ᠵᠣᠷᠢᠯᠭ᠎ᠠ ᠴᠢᠭᠯᠡᠵᠦ ᠪᠠᠶᠢᠪᠠ᠃
ᠨᠣᠮ ᠤᠨ ᠪᠠᠶᠠᠷ ᠤᠨ ᠨᠡᠭᠡᠭᠡᠯᠲᠡ ᠠᠶᠢᠮᠠᠭ ᠤᠨ ᠲᠥᠪ ᠲᠠᠯᠠᠪᠠᠢ ᠳᠤ ᠪᠣᠯᠤᠭᠰᠠᠨ᠃ ᠡᠭᠦᠨ ᠳᠦ᠂ ᠠᠷᠠᠳ ᠤᠨ ᠤᠷᠠᠨ ᠵᠣᠬᠢᠶᠠᠯᠴᠢ ᠲᠠᠩᠭᠤᠳ ᠤᠨ ᠭᠠᠯᠰᠠᠩ᠂ ᠮᠣᠩᠭᠣᠯ ᠤᠯᠤᠰ ᠤᠨ ᠲᠥᠷᠥ ᠶᠢᠨ ᠱᠠᠩᠨᠠᠯᠲᠤ ᠵᠣᠬᠢᠶᠠᠯᠴᠢ  ᠳ᠋ᠠᠯᠬ᠎ᠠ ᠶᠢᠨ ᠨᠤᠷᠪᠤ ᠨᠠᠷ ᠤᠷᠢᠯᠭ᠎ᠠ ᠪᠠᠷ ᠣᠷᠣᠯᠴᠠᠵᠤ᠂ ᠬᠡᠦᠬᠡᠳ ᠪᠠᠭᠠᠴᠤᠳ᠂ ᠥᠰᠪᠦᠷᠢ ᠦᠶ᠎ᠡ᠂ ᠵᠠᠯᠠᠭᠤᠴᠤᠳ ᠲᠣᠭᠲᠠᠮᠠᠯ ᠨᠣᠮ ᠤᠩᠰᠢᠵᠤ᠂ ᠮᠡᠳᠡᠯᠭᠡ ᠪᠡᠨ ᠬᠥᠭᠵᠢᠭᠦᠯᠵᠦ ᠪᠠᠶᠢᠬᠤ ᠶᠢ ᠤᠷᠢᠶᠠᠯᠠᠯ᠎ᠠ᠃ ᠮᠥᠨ ︽ᠨᠣᠮ ᠤᠨ ᠦᠵᠡᠰᠬᠦᠯᠡᠩ ᠶᠠᠭᠠᠷᠮᠠᠭ︾ ᠵᠣᠬᠢᠶᠠᠨ ᠪᠠᠶᠢᠭᠤᠯᠵᠤ᠂ ᠬᠡᠦᠬᠡᠳ ᠦᠨ ᠪᠣᠯᠤᠨ ᠲᠡᠦᠬᠡᠨ᠂ ᠨᠡᠶᠢᠭᠡᠮ᠂ ᠭᠠᠳᠠᠭᠠᠳᠤ ᠬᠡᠯᠡ᠂ ᠤᠷᠠᠨ ᠵᠣᠬᠢᠶᠠᠯ᠂ ᠢᠷᠠᠭᠤ ᠨᠠᠶᠢᠷᠠᠭ ᠤᠨ 1000 ᠭᠠᠷᠤᠢ ᠨᠣᠮ ᠳᠡᠯᠭᠡᠵᠡᠢ᠃

ᠰᠡᠳᠬᠢᠭᠳᠡᠯ ᠦᠯᠡᠳᠡᠭᠡᠬᠦ