ᠲᠡᠭᠦᠯᠳᠡᠷ ᠬᠤᠭᠤᠷᠴᠢ ᠰ∙ᠰᠠᠶᠠᠨᠴᠡᠴᠡᠭ ᠲᠦ ᠰᠤᠶᠤᠯ ᠤᠨ ᠡᠯᠴᠢ ᠪᠤᠯᠤᠯ᠎ᠠ  | News.MN

ᠲᠡᠭᠦᠯᠳᠡᠷ ᠬᠤᠭᠤᠷᠴᠢ ᠰ∙ᠰᠠᠶᠠᠨᠴᠡᠴᠡᠭ ᠲᠦ ᠰᠤᠶᠤᠯ ᠤᠨ ᠡᠯᠴᠢ ᠪᠤᠯᠤᠯ᠎ᠠ 

ᠲᠡᠭᠦᠯᠳᠡᠷ ᠬᠤᠭᠤᠷᠴᠢ᠂ ᠲᠡᠭᠦᠯᠳᠡᠷ ᠬᠤᠭᠤᠷ ᠤᠨ ᠣᠯᠠᠨ ᠤᠯᠤᠰ ᠤᠨ ᠲᠡᠮᠡᠴᠡᠭᠡᠨ ᠦ ᠰᠢᠭᠦᠭᠴᠢ ᠰᠠᠩᠭᠢᠳᠣᠷᠵᠢ ᠶᠢᠨ ᠰᠠᠶᠠᠨᠴᠡᠴᠡᠭ ᠲᠦ ᠮᠣᠩᠭᠣᠯ ᠤᠯᠤᠰ ᠤᠨ ᠰᠤᠶᠤᠯ ᠤᠨ ᠡᠯᠴᠢ ᠶᠢᠨ ᠭᠡᠷᠡᠴᠢᠯᠡᠭᠡ ᠶᠢ ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ ᠥᠨᠥᠳᠥᠷ ︵2019.09.10︶ ᠭᠠᠷᠳᠠᠭᠤᠯᠤᠨ ᠥᠭᠭᠦᠯ᠎ᠡ᠃
ᠤᠭ ᠭᠡᠷᠡᠴᠢᠯᠡᠭᠡ ᠶᠢ ᠣᠯᠭᠤᠭᠰᠠᠨ ᠢᠶᠠᠷ ᠰ∙ᠰᠠᠶᠠᠨᠴᠡᠴᠡᠭ ᠮᠣᠩᠭᠣᠯ ᠤᠯᠤᠰ ᠢᠶᠠᠨ ᠬᠢᠯᠢ ᠶᠢᠨ ᠴᠢᠨᠠᠳᠤ ᠳᠤ ᠰᠤᠷᠲᠠᠯᠴᠢᠯᠠᠬᠤ᠂ ᠰᠤᠶᠤᠯ ᠤᠷᠠᠯᠢᠭ ᠲᠡᠦᠬᠡ ᠶᠢᠨ ᠬᠣᠶᠠᠷ ᠲᠠᠯ᠎ᠠ ᠶᠢᠨ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ ᠳᠦ ᠳᠡᠮᠵᠢᠯᠭᠡ ᠦᠵᠡᠭᠦᠯᠬᠦ ᠡᠭᠦᠷᠭᠡ ᠲᠡᠢ ᠠᠵᠢᠯᠯᠠᠬᠤ ᠶᠤᠮ᠃ ᠭᠣᠴᠣᠯᠠᠨ ᠲᠤᠭᠯᠠᠭᠴᠢ᠂ ᠲᠡᠭᠦᠯᠳᠡᠷ ᠬᠤᠭᠤᠷᠴᠢ ᠰᠠᠩᠭᠢᠳᠣᠷᠵᠢ ᠶᠢᠨ ᠰᠠᠶᠠᠨᠴᠡᠴᠡᠭ ᠨᠢ ᠮᠣᠰᠺᠸᠠ ᠬᠣᠲᠠ ᠶᠢᠨ  ᠴᠠᠶᠢᠺᠤᠸᠢᠰᠺᠢ ᠶᠢᠨ ᠨᠡᠷᠡᠮᠵᠢᠲᠦ ᠬᠥᠭᠵᠢᠮ ᠦᠨ ᠳᠡᠭᠡᠳᠦ ᠰᠤᠷᠭᠠᠭᠤᠯᠢ ᠶᠢᠨ ᠳᠡᠷᠭᠡᠳᠡᠬᠢ ᠬᠥᠭᠵᠢᠮ ᠦᠨ ᠳᠤᠮᠳᠠᠳᠤ ᠰᠤᠷᠭᠠᠭᠤᠯᠢ᠂ ᠴᠠᠶᠢᠺᠤᠸᠢᠰᠺᠢ ᠶᠢᠨ ᠨᠡᠷᠡᠮᠵᠢᠲᠦ ᠮᠣᠰᠺᠸᠠ ᠶᠢᠨ ᠺᠣᠨᠰᠧᠷᠠᠸᠠᠲ᠋ᠣᠷᠢ ᠲᠡᠭᠦᠰᠦᠭᠰᠡᠨ᠃ ᠢᠰᠫᠠᠨᠢ ᠶᠢᠨ ᠮᠠᠳ᠋ᠷᠢᠳ᠋ ᠬᠣᠲᠠ ᠳ᠋ᠡᠬᠢ ᠬᠠᠭᠠᠨ ᠤ ᠺᠣᠨᠰᠧᠷᠠᠸᠠᠲ᠋ᠣᠷᠢ ᠳᠤ ᠫᠷᠣᠹᠧᠰᠰᠣᠷ ᠭᠸᠢᠢᠷᠮᠤ ᠭᠣᠨᠵᠠᠯᠧᠰ ᠲᠠᠢ ᠢᠰᠫᠠᠨᠢ᠂ ᠹᠷᠠᠨᠼᠢ ᠬᠥᠭᠵᠢᠮ ᠢᠶᠡᠷ ᠮᠡᠷᠭᠡᠵᠢᠯ ᠳᠡᠭᠡᠭᠰᠢᠯᠡᠭᠦᠯᠦᠭᠰᠡᠨ᠃ ᠲᠡᠷᠡᠪᠡᠷ ᠭᠣᠴᠣᠯᠠᠨ ᠲᠣᠭᠯᠠᠭᠠᠴᠢ ᠪᠠᠷ ᠣᠯᠠᠨ ᠲᠥᠷᠥᠯ ᠦᠨ ᠤᠷᠤᠰᠬᠠᠯ᠂ ᠴᠢᠭᠯᠡᠯ ᠳᠦ ᠥᠪᠡᠷ ᠢ ᠪᠡᠨ ᠰᠣᠷᠢᠵᠤ᠂ ᠤᠷᠠᠨ ᠪᠦᠲᠦᠭᠡᠯ ᠢᠶᠡᠨ ᠪᠠᠶᠠᠵᠢᠭᠤᠯᠤᠭᠰᠠᠭᠠᠷ ᠡᠳᠦᠭᠡ ᠣᠯᠠᠨ ᠣᠷᠣᠨ ᠤ ᠲᠣᠮᠣᠬᠠᠨ ᠨᠡᠷ᠎ᠡ ᠪᠦᠬᠦᠢ ᠺᠣᠨᠼᠧᠷᠲ ᠤᠨ ᠲᠠᠩᠬᠢᠮ ᠤᠳ ᠲᠤ ᠳᠡᠯᠡᠬᠡᠢ ᠶᠢᠨ ᠰᠣᠩᠭᠣᠳᠠᠭ ᠪᠦᠲᠦᠭᠡᠯ ᠡᠴᠡ ᠭᠠᠳᠠᠨ᠎ᠠ᠂ ᠬᠥᠭᠵᠢᠮ ᠦᠨ ᠵᠣᠬᠢᠶᠠᠯᠴᠢᠳ ᠪᠣᠯᠬᠤ ᠠᠪᠤ᠂ ᠳᠡᠭᠦᠦ ᠨᠠᠷ ᠤᠨ ᠢᠶᠠᠨ ᠪᠦᠲᠦᠭᠡᠯ ᠦᠳ ᠡᠴᠡ ᠲᠣᠯᠢᠯᠠᠭᠤᠯᠵᠤ ᠪᠠᠶᠢᠭ᠎ᠠ ᠮᠣᠩᠭᠣᠯ ᠤᠨ ᠬᠣᠪᠣᠷ ᠠᠪᠢᠶᠠᠰ ᠲᠠᠢ ᠤᠷᠠᠨ ᠪᠦᠲᠦᠭᠡᠯᠴᠢ ᠶᠤᠮ᠃

ᠰᠡᠳᠬᠢᠭᠳᠡᠯ ᠦᠯᠡᠳᠡᠭᠡᠬᠦ