ᠶᠡᠷᠦᠩᠬᠡᠶᠢᠯᠡᠭᠴᠢ ᠶᠢᠨ ᠰᠠᠨᠠᠯ ᠢ ᠬᠦᠯᠢᠶᠡᠵᠦ ᠠᠪᠬᠤ ᠪᠣᠯᠤᠮᠵᠢ ᠦᠭᠡᠢ  | News.MN

ᠶᠡᠷᠦᠩᠬᠡᠶᠢᠯᠡᠭᠴᠢ ᠶᠢᠨ ᠰᠠᠨᠠᠯ ᠢ ᠬᠦᠯᠢᠶᠡᠵᠦ ᠠᠪᠬᠤ ᠪᠣᠯᠤᠮᠵᠢ ᠦᠭᠡᠢ 

ᠤᠯᠤᠰ ᠤᠨ ᠶᠡᠬᠡ ᠬᠤᠷᠠᠯ ᠳ᠋ᠡᠬᠢ ᠮᠤᠩᠭᠤᠯ ᠠᠷᠠᠳ ᠤᠨ ᠨᠠᠮ ᠤᠨ ᠪᠦᠯᠦᠭ ᠥᠨᠥᠳᠥᠷ  ︵2019.09.09︶ ᠬᠤᠷᠠᠯᠳᠤᠵᠤ᠂ ᠬᠣᠶᠠᠷ ᠠᠰᠠᠭᠤᠳᠠᠯ ᠬᠡᠯᠡᠯᠴᠡᠭᠰᠡᠨ ᠪᠠᠶᠢᠨ᠎ᠠ᠃ ᠲᠣᠳᠣᠷᠠᠭᠤᠯᠪᠠᠯ᠂ ᠶᠡᠷᠦᠩᠬᠡᠶᠢᠯᠡᠭᠴᠢ ᠶᠢᠨ ᠰᠠᠨᠠᠯ ᠪᠣᠯᠤᠨ ᠲ∙ᠠᠶᠤᠤᠷᠰᠠᠶᠢᠬᠠᠨ ᠨᠠᠷ ᠤᠨ ᠰᠠᠨᠠᠯ ᠢ ᠬᠡᠯᠡᠯᠴᠡᠯ᠎ᠡ᠃ ᠶᠡᠷᠦᠩᠬᠡᠶᠢᠯᠡᠭᠴᠢ ᠠᠷᠠᠳ ᠨᠡᠶᠢᠲᠡ ᠶᠢᠨ ᠰᠠᠨᠠᠯ ᠠᠰᠠᠭᠤᠯᠭ᠎ᠠ ᠶᠠᠪᠤᠭᠤᠯᠬᠤ ᠲᠠᠢ ᠬᠣᠯᠪᠣᠭᠳᠠᠭᠤᠯᠤᠨ ᠮᠣᠩᠭᠣᠯ ᠤᠯᠤᠰ ᠤᠨ ︽ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠠᠶᠢᠬᠤ ᠤᠤ᠂ ᠫᠠᠷᠯᠠᠮᠧᠨᠲ ᠤᠨ ᠵᠠᠰᠠᠭᠯᠠᠯ ᠲᠠᠢ ᠪᠠᠶᠢᠬᠤ ᠤᠤ︾ ᠭᠡᠬᠦ ᠠᠰᠠᠭᠤᠯᠲᠠ ᠶᠢ ᠠᠷᠠᠳ ᠨᠡᠶᠢᠲᠡ ᠡᠴᠡ ᠠᠰᠠᠭᠤᠬᠤ ᠰᠠᠨᠠᠯ ᠡᠷᠭᠦᠨ ᠪᠠᠷᠢᠭᠰᠠᠨ᠃ ᠲᠡᠭᠡᠪᠡᠯ ᠮᠤᠩᠭᠤᠯ ᠠᠷᠠᠳ ᠤᠨ ᠨᠠᠮ ᠍ ᠤᠨ ᠪᠦᠯᠦᠭ ︽ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠠᠶᠢᠬᠤ ᠤᠤ᠂ ᠫᠠᠷᠯᠠᠮᠧᠨᠲ ᠤᠨ ᠵᠠᠰᠠᠭᠯᠠᠯ ᠲᠠᠢ ᠪᠠᠶᠢᠬᠤ ᠤᠤ︾ ᠭᠡᠳᠡᠭ ᠠᠰᠠᠭᠤᠳᠠᠯ ᠢ ᠠᠷᠠᠳ ᠨᠡᠶᠢᠲᠡ ᠶᠢᠨ ᠰᠠᠨᠠᠯ ᠠᠰᠠᠭᠤᠯᠭ᠎ᠠ ᠳᠤ ᠤᠷᠤᠭᠤᠯᠬᠤ ᠪᠣᠯᠤᠮᠵᠢ ᠦᠭᠡᠢ᠂ ︽ᠦᠨᠳᠦᠰᠦᠨ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠲᠥᠰᠥᠯ ᠢ ᠬᠡᠯᠡᠯᠴᠡᠬᠦ ᠵᠢᠷᠤᠮ ᠤᠨ ᠲᠤᠬᠠᠢ︾ ᠬᠠᠤᠯᠢ ᠪᠠᠷ ᠴᠤ ᠪᠣᠯᠤᠮᠵᠢ ᠦᠭᠡᠢ ᠤᠴᠢᠷ ᠠᠴᠠ ᠳᠡᠮᠵᠢᠬᠦ ᠪᠣᠯᠤᠮᠵᠢ ᠦᠭᠡᠢ ᠭᠡᠵᠦ ᠦᠵᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ