ᠬ∙ᠪᠠᠲᠤᠲᠤᠯᠭ᠎ᠠ ᠬᠡᠯᠮᠡᠭᠳᠡᠭᠰᠡᠳ ᠦᠨ ᠬᠦᠰᠢᠶᠡᠨ ᠳᠦ ᠴᠡᠴᠡᠭ ᠡᠷᠭᠦᠯ᠎ᠡ  | News.MN

ᠬ∙ᠪᠠᠲᠤᠲᠤᠯᠭ᠎ᠠ ᠬᠡᠯᠮᠡᠭᠳᠡᠭᠰᠡᠳ ᠦᠨ ᠬᠦᠰᠢᠶᠡᠨ ᠳᠦ ᠴᠡᠴᠡᠭ ᠡᠷᠭᠦᠯ᠎ᠡ 

ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠰᠡᠳ ᠦᠨ ᠳᠤᠷᠠᠰᠬᠠᠯ ᠢ ᠵᠢᠯ ᠪᠦᠷᠢ ᠶᠢᠨ ᠶᠢᠰᠦᠳᠦᠭᠡᠷ ᠰᠠᠷ᠎ᠠ ᠶᠢᠨ 10 ᠍ ᠤ ᠡᠳᠦᠷ ᠬᠦᠨᠳᠦᠳᠬᠡᠨ ᠳᠤᠷᠠᠰᠳᠠᠭ ᠶᠤᠮ᠃ ᠡᠨᠡᠬᠦ ᠡᠳᠦᠷ ᠢ ᠲᠣᠬᠢᠶᠠᠯᠳᠤᠭᠤᠯᠤᠨ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ᠂ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙  ᠽᠠᠨᠳᠠᠨᠰᠢᠲᠠᠷ᠎ᠠ᠂ ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠨᠠᠷ ᠬᠡᠯᠮᠡᠭᠳᠡᠭᠰᠡᠳ ᠦᠨ  ᠬᠦᠰᠢᠶᠡᠨ ᠳᠦ ᠴᠡᠴᠡᠭ ᠡᠷᠭᠦᠯ᠎ᠡ᠃ ᠮᠥᠨ ᠬᠡᠯᠮᠡᠭᠳᠡᠭᠰᠡᠳ ᠢ ᠳᠤᠷᠠᠰᠤᠨ ᠰᠠᠨᠠᠵᠤ᠂ ᠬᠦᠨᠳᠦᠳᠬᠡᠯ ᠦᠵᠡᠭᠦᠯᠬᠦ ᠪᠡᠷ ᠢᠷᠡᠭᠰᠡᠨ ᠵᠠᠷᠢᠮ ᠤᠯᠤᠰ ᠤᠨ ᠶᠡᠬᠡ ᠬᠤᠷᠠᠯ ᠤᠨ ᠭᠡᠰᠢᠭᠦᠨ᠂ ᠤᠯᠤᠰ ᠲᠥᠷᠥ ᠶᠢᠨ ᠨᠠᠮ ᠤᠨ ᠲᠥᠯᠥᠭᠡᠯᠡᠯ ᠦᠳ᠂ ᠲᠥᠷᠥ ᠶᠢᠨ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠥᠯᠥᠭᠡᠯᠡᠯ᠂ ᠢᠷᠭᠡᠳ ᠦᠨ ᠲᠥᠯᠥᠭᠡᠯᠡᠯ ᠬᠡᠯᠮᠡᠭᠳᠡᠭᠰᠡᠳ ᠦᠨ  ᠬᠦᠰᠢᠶᠡᠨ ᠳᠦ ᠴᠡᠴᠡᠭ ᠡᠷᠭᠦᠵᠦ᠂ ᠬᠦᠨᠳᠦᠳᠬᠡᠯ ᠦᠵᠡᠭᠦᠯᠪᠡ᠃
᠁ ᠮᠣᠩᠭᠣᠯ ᠤᠯᠤᠰ ᠲᠤ ᠤᠯᠤᠰ ᠲᠥᠷᠥ ᠶᠢᠨ ᠬᠡᠯᠮᠡᠭᠳᠡᠭᠦᠯᠦᠯᠲᠡ ᠨᠡᠶᠢᠭᠡᠮ ᠤᠨ ᠪᠦᠬᠦᠢ ᠯᠠ ᠳᠠᠪᠬᠤᠷᠭ᠎ᠠ᠂ ᠣᠯᠠᠨ ᠲᠦᠮᠡᠨ ᠢ ᠨᠡᠶᠢᠲᠡ ᠪᠡᠷ ᠬᠠᠮᠤᠷᠴᠦ ᠡᠬᠢᠯᠡᠭᠰᠡᠨ 1937 ᠣᠨ ᠤ ᠶᠢᠰᠦᠳᠦᠭᠡᠷ ᠰᠠᠷ᠎ᠠ ᠶᠢᠨ 10 ᠍ ᠤ ᠡᠳᠦᠷ ᠢᠶᠡᠷ ᠲᠥᠯᠦᠭᠡᠯᠡᠭᠦᠯᠦᠨ ᠵᠢᠯ ᠪᠦᠷᠢ ᠶᠢᠨ ᠡᠨᠡ ᠡᠳᠦᠷ ᠢ ᠤᠯᠤᠰ ᠲᠥᠷᠥ ᠶᠢᠨ ᠬᠡᠯᠮᠡᠭᠳᠡᠭᠰᠡᠳ ᠦᠨ ᠳᠤᠷᠠᠰᠬᠠᠯ ᠢ ᠬᠦᠨᠳᠦᠳᠭᠡᠬᠦ ᠡᠳᠦᠷ ᠪᠣᠯᠭᠠᠨ ᠤᠯᠤᠰ ᠣᠷᠣᠨ ᠳᠠᠶᠠᠭᠠᠷ ᠲᠡᠮᠳᠡᠭᠯᠡᠵᠦ ᠪᠠᠶᠢᠬᠤ ᠲᠤᠬᠠᠢ ᠮᠣᠩᠭᠣᠯ ᠤᠯᠤᠰ ᠤᠨ ᠬᠠᠤᠯᠢ᠂ ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠳᠠᠭᠠᠤ ᠡᠨᠡᠬᠦ ᠡᠳᠦᠷ ᠢ 24 ᠳ᠋ᠡᠬᠢ ᠵᠢᠯ ᠳᠦ ᠪᠡᠨ ᠬᠦᠨᠳᠦᠳᠬᠡᠨ ᠥᠩᠭᠡᠷᠡᠭᠦᠯᠵᠦ ᠪᠠᠶᠢᠨ᠎ᠠ ᠭᠡᠵᠦ ᠭᠡᠵᠦ ᠴᠠᠭᠠᠳᠬᠠᠬᠤ ᠠᠵᠢᠯ ᠢ ᠤᠳᠤᠷᠢᠳᠤᠨ ᠵᠣᠬᠢᠶᠠᠨ ᠪᠠᠶᠢᠭᠤᠯᠬᠤ ᠤᠯᠤᠰ ᠤᠨ ᠺᠣᠮᠢᠰ ᠠᠴᠠ ᠮᠡᠳᠡᠭᠡᠯᠡᠯ᠎ᠡ᠃ ᠮᠥᠨ 36 ᠮᠢᠩᠭ᠎ᠠ ᠣᠷᠴᠢᠮ ᠢᠷᠭᠡᠨ ᠬᠡᠯᠮᠡᠭᠳᠡᠭᠦᠯᠦᠯᠲᠡ ᠳᠦ ᠥᠷᠲᠦᠭᠰᠡᠨ ᠡᠴᠡ 31263 ᠢᠷᠭᠡᠨ ᠦ ᠨᠡᠷ᠎ᠡ ᠲᠥᠷᠥ ᠶᠢ ᠰᠡᠷᠭᠦᠭᠡᠵᠦ᠂ ᠤᠯᠤᠰ ᠲᠥᠷᠥ ᠶᠢᠨ ᠬᠢᠯᠢᠰ ᠬᠡᠷᠡᠭ ᠢᠶᠡᠷ  ᠰᠢᠢᠳᠭᠡᠭᠳᠡᠭᠰᠡᠨ ᠪᠣᠯᠬᠤ ᠶᠢ ᠲᠣᠭᠲᠠᠭᠠᠵᠤ ᠴᠠᠭᠠᠳᠬᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ