︽ᠬᠡᠶᠢᠮᠣᠷᠢ︾ ᠮᠣᠷᠢᠲᠤ ᠬᠠᠷᠪᠤᠭᠠᠨ ᠤ ᠣᠯᠠᠨ ᠤᠯᠤᠰ ᠤᠨ ᠲᠡᠮᠡᠴᠡᠭᠡᠨ ᠪᠣᠯᠤᠨ᠎ᠠ  | News.MN

 ︽ᠬᠡᠶᠢᠮᠣᠷᠢ︾ ᠮᠣᠷᠢᠲᠤ ᠬᠠᠷᠪᠤᠭᠠᠨ ᠤ ᠣᠯᠠᠨ ᠤᠯᠤᠰ ᠤᠨ ᠲᠡᠮᠡᠴᠡᠭᠡᠨ ᠪᠣᠯᠤᠨ᠎ᠠ 

ᠮᠣᠩᠭᠣᠯ ᠤᠨ ᠮᠣᠷᠢᠨ ᠬᠠᠷᠪᠤᠭᠠᠨ ᠤ ᠬᠣᠯᠪᠣᠭᠠᠨ ᠠᠴᠠ ︽ᠬᠡᠶᠢᠮᠣᠷᠢ︾ ᠮᠣᠷᠢᠲᠤ ᠬᠠᠷᠪᠤᠭᠠᠨ ᠤ ᠣᠯᠠᠨ ᠤᠯᠤᠰ ᠤᠨ ᠲᠡᠮᠡᠴᠡᠭᠡᠨ ᠢ ᠡᠨᠡ ᠰᠠᠷ᠎ᠠ ᠶᠢᠨ 7᠂ 8 ᠍ ᠳᠦ  ᠴᠢᠩᠭᠢᠰ ᠦᠨ  ᠬᠦᠷᠢᠶ᠎ᠡ ᠵᠢᠭᠤᠯᠴᠢᠨ ᠤ  ᠪᠠᠭᠠᠽ  ᠳᠦ ᠵᠣᠬᠢᠶᠠᠨ ᠪᠠᠶᠢᠭᠤᠯᠤᠨ᠎ᠠ᠃ ᠮᠣᠩᠭᠣᠯ ᠤᠨ ᠮᠣᠷᠢᠨ ᠬᠠᠷᠪᠤᠭᠠᠨ ᠤ ᠬᠣᠯᠪᠣᠭᠠᠨ ᠤ ᠶᠡᠷᠦᠩᠬᠡᠢ ᠨᠠᠷᠢᠨ ᠪᠢᠴᠢᠭ ᠱ∙ᠴᠣᠭᠲᠤᠬᠦᠦ ᠄ ᠲᠡᠮᠡᠴᠡᠭᠡᠨ ᠳᠦ ᠳᠡᠯᠡᠬᠡᠢ ᠶᠢᠨ ᠣᠯᠠᠨ ᠣᠷᠣᠨ ᠤ ᠮᠣᠷᠢᠲᠤ ᠬᠠᠷᠪᠤᠭᠠᠴᠢᠳ ᠨᠢᠭᠡ ᠳᠣᠣᠷ᠎ᠠ ᠴᠤᠭᠯᠠᠷᠠᠨ ᠲᠤᠷᠰᠢᠯᠭ᠎ᠠ ᠰᠤᠯᠢᠯᠴᠠᠬᠤ ᠪᠥᠭᠡᠳ ᠮᠣᠩᠭᠣᠯ ᠮᠣᠷᠢ ᠶᠢ ᠳᠡᠯᠡᠬᠡᠢ ᠳᠦ ᠲᠠᠨᠢᠭᠤᠯᠬᠤ᠂ ᠰᠤᠷᠲᠠᠯᠴᠢᠯᠠᠬᠤ ᠵᠣᠷᠢᠯᠭ᠎ᠠ ᠲᠠᠢ ᠶᠤᠮ᠃ ᠮᠣᠷᠢᠲᠤ ᠬᠠᠷᠪᠤᠭ᠎ᠠ ᠭᠡᠳᠡᠭ ᠪᠣᠯ ᠪᠢᠳᠡ ᠪᠦᠬᠦᠨ ᠲᠡᠢ ᠰᠠᠯᠤᠰᠢ ᠦᠭᠡᠢ ᠬᠣᠯᠪᠣᠭ᠎ᠠ ᠲᠠᠢ᠃ ᠡᠪᠦᠭᠡ ᠳᠡᠭᠡᠳᠦᠰ ᠦᠨ ᠮᠢᠨᠢ ᠳᠠᠶᠢᠴᠢᠨ ᠤᠯᠠᠮᠵᠢᠯᠠᠯ ᠢ ᠮᠣᠷᠢ᠂ ᠨᠤᠮᠤ ᠰᠤᠮᠤ ᠦᠭᠡᠢ ᠪᠡᠷ ᠲᠥᠰᠥᠭᠡᠯᠡᠬᠦ ᠠᠷᠭ᠎ᠠ ᠦᠭᠡᠢ᠃ ᠡᠨᠡ ᠤᠯᠠᠮᠵᠢᠯᠠᠯ ᠢ ᠮᠣᠩᠭᠣᠯᠴᠤᠳ ᠲᠤ ᠪᠠᠨ ᠥᠪᠯᠡᠭᠦᠯᠦᠭᠡᠳ ᠵᠣᠭᠰᠣᠬᠤ ᠦᠭᠡᠢ ᠣᠯᠠᠨ ᠤᠯᠤᠰ ᠤᠨ ᠲᠦᠪᠰᠢᠨ ᠳᠦ ᠮᠣᠷᠢᠲᠤ ᠬᠠᠷᠪᠤᠭ᠎ᠠ ᠰᠣᠨᠢᠷᠬᠠᠭᠴᠢᠳ ᠢ ᠨᠢᠭᠡ ᠳᠡᠭᠡᠪᠦᠷ ᠳᠣᠣᠷ᠎ᠠ ᠴᠤᠭᠯᠠᠭᠤᠯᠵᠤ ᠲᠡᠮᠡᠴᠡᠭᠡᠨ ᠵᠣᠬᠢᠶᠠᠨ ᠪᠠᠶᠢᠭᠤᠯᠬᠤ ᠪᠣᠯᠤᠭᠰᠠᠨ ᠢᠶᠠᠷ ᠢᠶᠠᠨ ᠣᠨᠴᠠᠯᠢᠭ ᠶᠤᠮ ᠬᠡᠮᠡᠪᠡ᠃
ᠲᠡᠮᠡᠴᠡᠭᠡᠨ ᠳᠦ ᠮᠠᠯᠠᠶᠢᠰᠢᠶ᠎ᠠ᠂ ᠺᠠᠨᠠᠳᠠ᠂ ᠤᠩᠭᠠᠷᠢ᠂ ᠡᠮᠦᠨᠡᠲᠦ ᠠᠹᠷᠢᠺᠠ ᠵᠡᠷᠭᠡ 18 ᠣᠷᠣᠨ ᠤ 40 ᠭᠠᠷᠤᠢ ᠲᠠᠮᠢᠷᠴᠢᠳ ᠣᠷᠣᠯᠴᠠᠬᠤ ᠪᠠᠷ ᠬᠦᠷᠦᠯᠴᠡᠨ ᠢᠷᠡᠵᠡᠢ᠃ ᠲᠡᠮᠡᠴᠡᠭᠡᠨ ᠵᠥᠪᠬᠡᠨ ᠰᠫᠣᠷᠲ ᠠᠴᠠ ᠭᠠᠳᠠᠨ᠎ᠠ ᠠᠶᠠᠯᠠᠯ ᠵᠢᠭᠤᠯᠴᠢᠯᠠᠯ᠂ ᠡᠳ᠋ ᠦᠨ ᠵᠠᠰᠠᠭ ᠲᠤ ᠬᠤᠪᠢ ᠨᠡᠮᠡᠷᠢ ᠣᠷᠣᠭᠤᠯᠵᠤ᠂ ᠮᠣᠷᠢᠲᠤ ᠬᠠᠷᠪᠤᠭ᠎ᠠ ᠪᠠᠷ ᠬᠢᠴᠢᠶᠡᠯᠯᠡᠳᠡᠭ ᠵᠠᠯᠠᠭᠤᠴᠤᠳ ᠢ ᠪᠦᠲᠦᠭᠡᠯᠴᠢ ᠰᠡᠳᠬᠢᠯᠭᠡ ᠲᠡᠢ ᠪᠣᠯᠭᠠᠵᠤ ᠪᠤᠢ ᠶᠢ ᠲᠡᠮᠡᠴᠡᠭᠡᠨ ᠦ ᠵᠣᠬᠢᠶᠠᠨ ᠪᠠᠶᠢᠭᠤᠯᠤᠭᠴᠢᠳ ᠣᠨᠴᠠᠯᠠᠯ᠎ᠠ᠃

ᠰᠡᠳᠬᠢᠭᠳᠡᠯ ᠦᠯᠡᠳᠡᠭᠡᠬᠦ