ᠨᠠᠷᠠᠨᠪᠠᠭᠠᠲᠤᠷ ᠰᠢᠨ᠎ᠡ ᠤᠷᠠᠨ ᠪᠦᠲᠦᠭᠡᠯ ᠢᠶᠡᠨ ᠲᠣᠯᠢᠯᠠᠭᠤᠯᠤᠯ᠎ᠠ  | News.MN

ᠨᠠᠷᠠᠨᠪᠠᠭᠠᠲᠤᠷ ᠰᠢᠨ᠎ᠡ ᠤᠷᠠᠨ ᠪᠦᠲᠦᠭᠡᠯ ᠢᠶᠡᠨ ᠲᠣᠯᠢᠯᠠᠭᠤᠯᠤᠯ᠎ᠠ 

ᠮᠣᠩᠭᠣᠯ ᠤᠯᠤᠰ ᠤᠨ ᠹᠢᠯᠠᠷᠮᠣᠨᠢ ᠭᠣᠴᠣᠯᠠᠯ ᠳᠠᠭᠤᠴᠢᠨ ᠨᠠᠭᠢᠢ ᠪᠤᠶᠤ ᠨ∙ᠨᠠᠷᠠᠨᠪᠠᠭᠠᠲᠤᠷ ᠢ ᠵᠠᠯᠠᠭᠤᠰ ᠤᠨ ᠰᠡᠳᠬᠢᠯ ᠢ ᠬᠥᠪᠰᠦᠯᠵᠡᠭᠦᠯᠦᠭᠰᠡᠨ ᠣᠯᠠᠨ ᠭᠠᠶᠢᠬᠠᠯᠲᠠᠢ ᠳᠠᠭᠤᠤ ᠪᠠᠷ ᠨᠢ ᠥᠨᠥ ᠴᠠᠭ ᠤᠨ ᠬᠢᠨ ᠮᠡᠳᠡᠬᠦ᠃ ᠲᠡᠭᠦᠨ ᠢ ᠤᠷᠠᠯᠢᠭ ᠤᠨ ᠶᠢᠷᠲᠢᠨᠴᠦ ᠳᠦ ᠬᠦᠲᠦᠯᠵᠦ ᠣᠷᠣᠭᠤᠯᠤᠭᠰᠠᠨ ᠪᠠᠭᠰᠢ ᠨᠢ ᠭᠠᠪᠢᠶᠠᠲᠤ ᠵᠦᠵᠦᠭᠡᠴᠢᠨ ᠪ ∙  ᠳᠠᠰᠢᠳᠤᠨᠳᠤᠭ ᠶᠤᠮ᠃ ᠨᠠᠭᠢᠢ ᠠᠩᠬ᠎ᠠ Nature sound ᠰᠲ᠋ᠦ᠋ᠳᠢ ᠡᠴᠡ ᠤᠷᠠᠨ ᠪᠦᠲᠦᠭᠡᠯ ᠦᠨ ᠭᠠᠷᠤᠭ᠎ᠠ ᠪᠠᠨ ᠡᠬᠢᠯᠡᠵᠦ ᠪᠠᠶᠢᠭᠰᠠᠨ ᠪᠣᠯ ᠣᠳᠣ ᠮᠣᠩᠭᠣᠯ ᠤᠨ ᠷᠣᠺ ᠫᠣᠫ ᠤᠨ ᠶᠢᠷᠲᠢᠨᠴᠦ ᠳᠦ  ᠬᠡᠳᠦᠶᠢᠨ ᠥᠪᠡᠷ ᠦᠨ ᠭᠡᠰᠡᠨ ᠪᠠᠶᠢᠷᠢ ᠰᠠᠭᠤᠷᠢ ᠪᠠᠨ ᠣᠯᠵᠤ᠂ ᠲᠡᠭᠦᠨ ᠢ ᠳᠠᠭᠤᠤ ᠶᠢ ᠰᠣᠨᠣᠰᠳᠠᠭ᠂ ᠲᠣᠭᠯᠠᠯᠲᠠ ᠶᠢ ᠨᠢ ᠰᠢᠮᠡᠳᠦᠨ ᠦᠵᠡᠳᠡᠭ  ᠹᠸᠨ ᠨᠦᠭᠦᠳ ᠲᠡᠢ ᠪᠣᠯᠤᠭᠰᠠᠨ᠃
ᠵᠠᠵᠢ ᠬᠥᠭᠵᠢᠮ ᠦᠨ ᠬᠥᠩᠭᠡᠨ ᠬᠢᠭᠡᠳ ᠲᠣᠷᠭᠠᠨ ᠠᠶ᠎ᠠ ᠡᠭᠡᠰᠢᠭ ᠦᠨ ᠳᠣᠣᠷ᠎ᠠ ᠬᠡᠨ ᠬᠦᠮᠦᠨ ᠦ ᠰᠡᠳᠬᠢᠯ ᠢ ᠡᠵᠡᠮᠳᠡᠨ ᠳᠠᠭᠤᠯᠠᠭᠴᠢ ᠲᠡᠷᠡᠪᠡᠷ ᠡᠨᠡ ᠳᠣᠯᠣᠭ᠎ᠠ ᠬᠣᠨᠣᠭ ᠲᠤ ᠰᠢᠨ᠎ᠡ ᠤᠷᠠᠨ ᠪᠦᠲᠦᠭᠡᠯ ᠪᠣᠯᠬᠤ ︽ᠬᠠᠶᠢᠷᠠᠲᠠᠢ ᠤᠤ︾  ᠳᠠᠭᠤᠤ ᠪᠠᠨ ᠦᠵᠡᠭᠴᠢᠳ ᠲᠤ ᠲᠣᠯᠢᠯᠠᠭᠤᠯᠵᠠᠢ᠃ ᠤᠭ ᠤᠷᠠᠨ ᠪᠦᠲᠦᠭᠡᠯ ᠢ ᠷᠧᠶᠢᠫᠧᠷ MRS M–ᠲᠡᠢ ᠬᠠᠮᠲᠤᠷᠠᠨ ᠪᠦᠲᠦᠭᠡᠭᠰᠡᠨ ᠪᠥᠭᠡᠳ  ᠳᠠᠭᠤᠤ ᠶᠢᠨ ᠦᠭᠡ ᠶᠢ ᠪ∙ᠨᠠᠷᠠᠨᠵᠤᠨ ᠵᠣᠬᠢᠶᠠᠭᠰᠠᠨ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ