︽ᠬᠠᠯᠬ᠎ᠠ ᠶᠢᠨ ᠭᠣᠣᠯ ᠤᠨ ᠢᠯᠠᠯᠲᠠ- 80 ᠵᠢᠯ︾ ᠢᠷᠠᠭᠤ ᠨᠠᠶᠢᠷᠠᠭ ᠤᠨ ᠨᠠᠭᠠᠳᠤᠮ ᠪᠣᠯᠪᠠ  | News.MN

 ︽ᠬᠠᠯᠬ᠎ᠠ ᠶᠢᠨ ᠭᠣᠣᠯ ᠤᠨ ᠢᠯᠠᠯᠲᠠ- 80 ᠵᠢᠯ︾ ᠢᠷᠠᠭᠤ ᠨᠠᠶᠢᠷᠠᠭ ᠤᠨ ᠨᠠᠭᠠᠳᠤᠮ ᠪᠣᠯᠪᠠ 

ᠬᠠᠯᠬ᠎ᠠ ᠶᠢᠨ ᠭᠣᠣᠯ ᠤᠨ ᠳᠠᠶᠢᠨ ᠤ ᠢᠯᠠᠯᠲᠠ ᠶᠢᠨ 80 ᠵᠢᠯ ᠦᠨ ᠣᠢ ᠳᠤ ᠵᠣᠷᠢᠭᠤᠯᠤᠭᠰᠠᠨ  ︽ᠬᠠᠯᠬ᠎ᠠ ᠶᠢᠨ ᠭᠣᠣᠯ ᠤᠨ ᠢᠯᠠᠯᠲᠠ-80 ᠵᠢᠯ︾ ᠢᠷᠠᠭᠤ ᠨᠠᠶᠢᠷᠠᠭ ᠤᠨ ᠪᠡᠰᠡᠷᠡᠭ ᠨᠠᠭᠠᠳᠤᠮ ᠵᠡᠪᠰᠡᠭᠲᠦ ᠬᠦᠴᠦᠨ ᠦ 123 ᠳ᠋ᠤᠭᠠᠷ ᠠᠩᠭᠢ ᠳᠡᠭᠡᠷ᠎ᠡ ᠪᠣᠯᠪᠠ᠃ ᠪᠡᠰᠡᠷᠡᠭ ᠨᠠᠭᠠᠳᠤᠮ ᠢ ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠬᠣᠪᠳᠣ ᠠᠶᠢᠮᠠᠭ ᠳᠠᠬᠢ ᠠᠯᠲᠠᠢ ᠰᠠᠯᠪᠤᠷᠢ ᠶᠢᠨ ᠰᠠᠨᠠᠭᠠᠴᠢᠯᠠᠭ᠎ᠠ ᠪᠠᠷ ᠬᠣᠪᠳᠣ ᠠᠶᠢᠮᠠᠭ ᠤᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠍ ᠤᠨ ᠴᠡᠷᠢᠭ ᠦᠨ ᠱᠲ᠋ᠠᠪ᠂ ᠵᠡᠪᠰᠡᠭᠲᠦ ᠬᠦᠴᠦᠨ ᠦ 123 ᠳ᠋ᠤᠭᠠᠷ ᠠᠩᠭᠢ ᠬᠠᠮᠲᠤᠷᠠᠨ ᠵᠣᠬᠢᠶᠠᠨ ᠪᠠᠶᠢᠭᠤᠯᠤᠯ᠎ᠠ᠃
ᠬᠠᠯᠬ᠎ᠠ ᠶᠢᠨ ᠭᠣᠣᠯ ᠤᠨ ᠳᠠᠶᠢᠨ ᠤ ᠢᠯᠠᠯᠲᠠ ᠶᠢᠨ 80 ᠵᠢᠯ ᠦᠨ ᠣᠢ ᠳᠤ ᠬᠦᠨᠳᠦᠳᠬᠡᠯ ᠦᠵᠡᠭᠦᠯᠬᠦ᠂ ᠲᠡᠦᠬᠡᠨ ᠢᠯᠠᠯᠲᠠ ᠶᠢᠨ ᠦᠨ᠎ᠡ  ᠴᠡᠨ᠎ᠡ ᠶᠢ ᠥᠨᠥ ᠴᠠᠭ ᠲᠤ ᠤᠳᠬ᠎ᠠ ᠵᠣᠬᠢᠶᠠᠯ ᠢᠶᠠᠷ ᠳᠠᠮᠵᠢᠭᠤᠯᠤᠨ ᠬᠦᠮᠦᠰ ᠦᠨ ᠵᠢᠷᠦᠬᠡ ᠰᠡᠳᠬᠢᠯ᠂ ᠣᠢ ᠳᠦ ᠰᠢᠩᠭᠡᠭᠡᠬᠦ ᠳᠦ ᠡᠨᠡᠬᠦ ᠨᠠᠭᠠᠳᠤᠮ ᠤᠨ ᠵᠣᠷᠢᠯᠭ᠎ᠠ ᠴᠢᠭᠯᠡᠵᠦ ᠪᠠᠶᠢᠪᠠ᠃ ᠨᠠᠭᠠᠳᠤᠮ ᠤᠨ ᠡᠬᠢᠨ ᠦ ᠱᠠᠲᠤᠨ ᠳᠤ ᠪᠦᠲᠦᠭᠡᠯ ᠨᠢ ᠲᠡᠩᠴᠡᠭᠰᠡᠨ 10 ᠭᠠᠷᠤᠢ ᠨᠠᠶᠢᠷᠠᠭᠴᠢ ᠰᠢᠯᠦᠭ ᠢᠶᠡᠨ ᠤᠩᠰᠢᠯ᠎ᠠ᠃ ᠡᠭᠦᠨ ᠳᠦ᠂ ᠢᠷᠠᠭᠤ ᠨᠠᠶᠢᠷᠠᠭᠴᠢ ᠪᠠᠲᠤᠰᠦ᠋ᠬᠡ ᠶᠢᠨ ᠮᠠᠭᠰᠤᠷᠵᠠᠪ᠂ ᠪᠠᠲᠤᠬᠦᠦ ᠶᠢᠨ  ᠬᠦᠯᠦᠭᠪᠤᠭᠤᠷᠴᠤ᠂ ᠪᠠᠰᠠᠩᠬᠦᠦ ᠶᠢᠨ ᠪᠠᠶᠠᠷ᠎ᠠ᠂ ᠵᠡᠪᠰᠡᠭᠲᠦ ᠬᠦᠴᠦᠨ ᠦ 123 ᠳ᠋ᠤᠭᠠᠷ ᠠᠩᠬᠢ ᠶᠢᠨ ᠪᠠᠶᠢᠯᠳᠤᠭᠴᠢ ᠰ∙ᠰᠦᠬᠡᠲᠤᠯᠭ᠎ᠠ ᠨᠠᠷ ᠤᠨ ᠰᠢᠯᠦᠭ ᠰᠢᠯᠢᠳᠡᠭ ᠢᠶᠡᠷ ᠰᠢᠯᠭᠠᠷᠠᠵᠤ᠂ ᠪᠠᠲᠤᠯᠠᠮᠵᠢ᠂ ᠮᠥᠩᠭᠥᠨ ᠱᠠᠩᠨᠠᠯ ᠭᠠᠷᠳᠠᠨ ᠠᠪᠤᠯ᠎ᠠ᠃
ᠲᠤᠰ ᠨᠠᠭᠠᠳᠤᠮ ᠤᠨ ᠰᠢᠭᠦᠭᠴᠢ ᠪᠡᠷ ᠵᠣᠬᠢᠶᠠᠯᠴᠢ ᠨ∙ᠵᠢᠷᠭᠠᠯᠰᠠᠶᠢᠬᠠᠨ᠂ ᠢᠷᠠᠭᠤ ᠨᠠᠶᠢᠷᠠᠭᠴᠢ᠂ ᠤᠳᠬ᠎ᠠ ᠵᠣᠬᠢᠶᠠᠯ ᠰᠤᠳᠤᠯᠤᠭᠠᠴᠢ ᠳ᠋ᠣᠺᠲ᠋ᠣᠷ᠂ ᠳᠡᠳ᠋ ᠫᠷᠣᠹᠧᠰᠰᠣᠷ ᠳ∙ᠦᠷᠨᠢᠬᠦᠳᠡᠯᠭᠡᠷ᠂ ᠵᠣᠬᠢᠶᠠᠯᠴᠢ᠂ ᠰᠡᠳᠬᠦᠯᠴᠢ ᠭ ∙  ᠲᠦᠷᠦᠮᠦ᠋ᠩᠬᠡ ᠨᠠᠷ ᠠᠵᠢᠯᠯᠠᠭᠰᠠᠨ ᠶᠤᠮ᠃

ᠰᠡᠳᠬᠢᠭᠳᠡᠯ ᠦᠯᠡᠳᠡᠭᠡᠬᠦ