ᠵᠠᠪᠬᠠᠨ ᠠᠶᠢᠮᠠᠭ ᠤᠨ ᠳᠥᠷᠪᠡᠯᠵᠢᠨ ᠰᠤᠮᠤ ᠶᠢᠨ ᠣᠨᠴᠠ ᠪᠠᠭ ᠤᠨ ᠪᠠᠭ᠎ᠠ ᠨᠠᠭᠤᠷ ᠤᠨ ᠤᠰᠤᠨ ᠳᠤ ᠪᠣᠷᠣ ᠭᠠᠯᠠᠭᠤ᠂ ᠴᠠᠬᠤᠯᠠᠢ᠂ ᠠᠯᠠᠭ ᠨᠤᠭᠤᠰᠤ ᠨᠡᠶᠢᠯᠡᠭᠰᠡᠨ 30 ᠣᠷᠴᠢᠮ ᠤᠰᠤᠨ ᠤ ᠰᠢᠪᠠᠭᠤ ᠦᠬᠦᠭᠰᠡᠨ ᠪᠠᠶᠢᠨ᠎ᠠ᠃ ᠮᠥᠨ 20 ᠣᠷᠴᠢᠮ ᠰᠢᠪᠠᠭᠤ ᠡᠪᠡᠳᠴᠢᠯᠡᠭᠰᠡᠨ ᠪᠠᠶᠢᠳᠠᠯ ᠲᠠᠢ ᠪᠠᠶᠢᠨ᠎ᠠ ᠭᠡᠰᠡᠨ ᠮᠡᠳᠡᠭᠡᠯᠡᠯ ᠢ ᠳᠥᠷᠪᠡᠯᠵᠢᠨ ᠰᠤᠮᠤ ᠶᠢᠨ ᠵᠠᠰᠠᠭ ᠳᠠᠷᠤᠭ᠎ᠠ ᠴ∙ᠪᠠᠲᠤᠳᠦ᠋ᠯᠦ ᠨᠠᠢᠮᠠᠳᠤᠭᠠᠷ ᠰᠠᠷ᠎ᠠ ᠶᠢᠨ 30 ᠍ ᠤ ᠡᠳᠦᠷ ᠦᠨ 13.50 ᠴᠠᠭ ᠲᠤ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠲᠤ ᠮᠡᠳᠡᠭᠡᠯᠡᠵᠡᠢ᠃
ᠮᠡᠳᠡᠭᠡᠯᠡᠯ ᠦᠨ ᠳᠠᠭᠠᠤ ᠵᠠᠪᠬᠠᠨ ᠠᠶᠢᠮᠠᠭ ᠤᠨ ᠣᠨᠴᠠᠭᠠᠢ ᠺᠣᠮᠢᠰ ᠨᠠᠢᠮᠠᠳᠤᠭᠠᠷ ᠰᠠᠷ᠎ᠠ ᠶᠢᠨ 31 ᠤ ᠡᠳᠦᠷ ᠦᠨ 08.00 ᠴᠠᠭ ᠲᠤ ᠬᠤᠷᠠᠯᠳᠤᠵᠤ ᠂ ᠬᠤᠯᠪᠤᠭᠳᠠᠬᠤ ᠪᠠᠶᠢᠭᠤᠯᠤᠯᠭ᠎ᠠ ᠶᠢᠨ 14 ᠠᠯᠪᠠ ᠬᠠᠭᠠᠭᠴᠢ᠂ ᠬᠣᠶᠠᠷ ᠠᠦ᠋ᠲ᠋ᠤ᠋ ᠮᠠᠰᠢᠨ ᠲᠠᠢ ᠣᠴᠢᠵᠤ ᠡᠨᠡ ᠰᠠᠷ᠎ᠠ ᠶᠢᠨ ᠨᠢᠭᠡᠨ ᠦ ᠡᠳᠦᠷ ᠦᠬᠦᠭᠰᠡᠨ ᠰᠢᠪᠠᠭᠤᠳ ᠠᠴᠠ ᠳᠡᠭᠡᠵᠢ ᠠᠪᠴᠤ᠂ ᠦᠬᠦᠭᠰᠡᠨ ᠰᠢᠪᠠᠭᠤᠳ ᠢ ᠪᠤᠯᠠᠵᠤ ᠠᠷᠢᠭᠤᠳᠬᠠᠯ ᠬᠠᠯᠳᠠᠪᠤᠷᠢ ᠦᠭᠡᠶᠢᠵᠢᠭᠦᠯᠦᠯᠲᠡ ᠬᠢᠵᠡᠢ ᠃