ᠹᠢᠯᠢᠫᠢᠨ ᠦ ᠪᠤᠯᠠᠺᠠᠨ ᠬᠤᠲᠠ ᠳᠤ ᠨᠠᠢᠮᠠᠳᠤᠭᠠᠷ ᠰᠠᠷ᠎ᠠ ᠶᠢᠨ 27-31 ᠍ ᠳᠦ ᠪᠣᠯᠤᠭᠰᠠᠨ ᠰᠣᠹᠲ ᠲᠸᠨᠨᠢᠰ ᠦ ᠥᠰᠪᠦᠷᠢ ᠦᠶ᠎ᠡ᠂ ᠵᠠᠯᠠᠭᠤᠴᠤᠳ ᠤᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠣᠩᠭᠣᠯ ᠤᠨ ᠪᠠᠭ ᠠᠮᠵᠢᠯᠲᠠᠲᠠᠢ ᠣᠷᠣᠯᠴᠠᠵᠤ᠂ ᠭᠤᠷᠪᠠᠨ ᠬᠦᠷᠡᠯ ᠮᠧᠳᠠᠯ ᠬᠦᠷᠲᠡᠯ᠎ᠡ᠃ ᠥᠬᠢᠳ᠂ ᠬᠥᠪᠡᠭᠦᠳ ᠦᠨ 12᠂ 15᠂ 18᠂ 21 ᠬᠦᠷᠲᠡᠯᠡᠬᠢ ᠨᠠᠰᠤᠨ ᠤ ᠠᠩᠭᠢᠯᠠᠯ ᠳᠤ ᠭᠠᠭᠴᠠᠭᠠᠷᠴᠢᠯᠠᠭᠰᠠᠨ᠂ ᠬᠣᠣᠰ᠂ ᠪᠠᠭ ᠤᠨ ᠭᠡᠰᠡᠨ ᠨᠡᠶᠢᠲᠡ ᠵᠢᠷᠭᠤᠭᠠᠨ ᠲᠥᠷᠥᠯ ᠳᠦ ᠠᠽᠢᠶ᠎ᠠ ᠶᠢᠨ 13 ᠤᠯᠤᠰ ᠤᠨ 300 ᠭᠠᠷᠤᠢ ᠲᠠᠮᠢᠷᠴᠢᠨ ᠬᠤᠷᠳᠤ ᠬᠦᠴᠦ᠂ ᠠᠪᠬᠠᠯᠵᠢ ᠰᠠᠮᠪᠠᠭ᠎ᠠ ᠪᠠᠨ ᠰᠣᠷᠢᠪᠠ᠃ ᠦᠬᠢᠳ ᠦᠨ 15 ᠬᠦᠷᠲᠡᠯᠡᠬᠢ ᠨᠠᠰᠤᠨ ᠤ ᠠᠩᠭᠢᠯᠠᠯ ᠤᠨ ᠬᠣᠣᠰ ᠤᠨ ᠲᠥᠷᠥᠯ ᠳᠦ ᠪ∙ᠴᠢᠩᠮᠦ᠋ᠷᠡᠨ᠂ ᠲ∙ᠢᠪᠡᠭᠡᠯ ᠨᠠᠷ ᠬᠦᠷᠡᠯ᠂ ᠬᠥᠪᠡᠭᠦᠳ ᠦᠨ 18 ᠬᠦᠷᠲᠡᠯᠡᠬᠢ ᠨᠠᠰᠤᠨ ᠤ ᠠᠩᠭᠢᠯᠠᠯ ᠤᠨ ᠬᠣᠣᠰ ᠤᠨ ᠲᠥᠷᠥᠯ ᠳᠦ ᠪ∙ ᠮᠥᠩᠬᠡᠲᠤᠯᠭ᠎ᠠ᠂ ᠭ∙ᠲᠡᠮᠡᠦᠯᠦᠨ ᠨᠠᠷ ᠬᠦᠷᠡᠯ᠂ ᠪᠠᠭ ᠤᠨ ᠲᠥᠷᠥᠯ ᠳᠦ ᠮᠣᠩᠭᠣᠯ ᠤᠨ ᠬᠥᠪᠡᠭᠦᠳ ᠬᠦᠷᠡᠯ ᠮᠧᠳᠠᠯ ᠬᠦᠷᠲᠡᠭᠰᠡᠨ ᠶᠤᠮ᠃