ᠮᠠᠨᠽᠤᠰᠢᠷᠢ ᠬᠡᠶᠢᠳ ᠢ ᠵᠠᠶᠢᠰᠠᠩ ᠲᠠᠢ ᠠᠭᠠᠷ ᠤᠨ ᠵᠠᠮ ᠢᠶᠠᠷ ᠬᠤᠯᠪᠤᠨ᠎ᠠ  | News.MN

 ᠮᠠᠨᠽᠤᠰᠢᠷᠢ ᠬᠡᠶᠢᠳ ᠢ ᠵᠠᠶᠢᠰᠠᠩ ᠲᠠᠢ ᠠᠭᠠᠷ ᠤᠨ ᠵᠠᠮ ᠢᠶᠠᠷ ᠬᠤᠯᠪᠤᠨ᠎ᠠ 

ᠤᠯᠤᠰ ᠤᠨ ᠶᠡᠬᠡ ᠬᠤᠷᠠᠯ  ᠤᠨ ᠭᠡᠰᠢᠭᠦᠨ ᠮ∙ᠡᠩᠬᠡᠪᠣᠯᠤᠳ ᠤᠨ  ᠰᠠᠨᠠᠭᠠᠴᠢᠯᠠᠭ᠎ᠠ ᠪᠠᠷ ᠮᠠᠨᠽᠤᠰᠢᠷᠢ ᠬᠡᠶᠢᠳ ᠢ ᠲᠡᠦᠬᠡᠨ ᠳᠤᠷᠠᠰᠬᠠᠯᠲᠤ᠂ ᠰᠤᠶᠤᠯ᠂ ᠱᠠᠰᠢᠨ᠂ ᠠᠶᠠᠯᠠᠯ ᠵᠢᠭᠤᠯᠴᠢᠯᠠᠯ ᠤᠨ ᠲᠥᠪ ᠪᠣᠯᠭᠠᠬᠤ ᠠᠵᠢᠯ ᠤᠨ ᠲᠧᠭᠨᠢᠭ ᠡᠳ᠋ ᠦᠨ ᠵᠠᠰᠠᠭ ᠤᠨ ᠦᠨᠳᠦᠰᠦᠯᠡᠯ᠂ ᠵᠢᠷᠤᠭ ᠲᠥᠰᠥᠯ ᠢ ᠪᠣᠯᠪᠠᠰᠤᠷᠠᠭᠤᠯᠵᠠᠢ᠃ ᠣᠳᠣ ᠳᠠᠷᠠᠭᠠᠴᠢ ᠶᠢᠨ ᠱᠠᠲᠤᠨ ᠤ ᠠᠵᠢᠯ ᠤᠳ ᠢ ᠨᠢ ᠡᠬᠢᠯᠡᠭᠦᠯᠬᠦ ᠪᠡᠷ ᠲᠥᠯᠥᠪᠯᠡᠭᠡᠳ ᠪᠠᠶᠢᠭ᠎ᠠ ᠶᠤᠮ ᠪᠠᠶᠢᠨ᠎ᠠ᠃ ᠲᠥᠰᠥᠯ ᠦᠨ ᠭᠦᠢᠴᠡᠳᠬᠡᠭᠴᠢ ᠪᠡᠷ ︽ᠠᠷᠴᠧᠷ︾ ᠺᠤᠮᠫᠠᠨᠢ ᠠᠵᠢᠯᠯᠠᠵᠤ ᠪᠠᠶᠢᠭ᠎ᠠ ᠪᠥᠭᠡᠳ ᠬᠡᠶᠢᠳ ᠦᠨ ᠬᠠᠭᠤᠴᠢᠨ ᠲᠤᠭᠤᠷᠢ ᠶᠢ ᠱᠠᠰᠢᠨ ᠰᠤᠶᠤᠯ᠂ ᠲᠡᠦᠬᠡ ᠶᠢᠨ ᠲᠥᠪ ᠮᠠᠨᠽᠤᠰᠢᠷᠢ ᠪᠤᠷᠬᠠᠨ ᠤ ᠣᠷᠣᠨ ᠪᠣᠯᠭᠠᠨ ᠰᠡᠷᠭᠦᠭᠡᠨ ᠵᠠᠰᠠᠪᠤᠷᠢᠯᠠᠬᠤ ᠪᠠᠷ ᠪᠣᠯᠵᠠᠢ᠃
ᠮᠥᠨ ᠮᠠᠨᠽᠤᠰᠢᠷᠢ ᠶᠢᠨ ᠬᠡᠶᠢᠳ- ᠪᠣᠭᠳᠠ ᠠᠭᠤᠯᠠ ᠶᠢᠨ ᠣᠷᠭᠢᠯ ᠴᠡᠴᠡ ᠭᠦᠩ – ᠪᠠᠷᠠᠭᠤᠨ ᠰᠢᠷᠡᠭᠡᠲᠦ -ᠵᠠᠶᠢᠰᠠᠩ ᠲᠣᠯᠣᠭᠠᠢ ᠬᠦᠷᠲᠡᠯ᠎ᠡ ᠨᠡᠶᠢᠲᠡ 16.6 ᠺᠢᠯᠣᠮᠧᠲ᠋ᠷ ᠦᠷᠭᠦᠯᠵᠢᠯᠡᠬᠦ Cable car ᠪᠠᠶᠢᠭᠤᠯᠬᠤ ᠠᠴᠠ ᠭᠠᠳᠠᠨ᠎ᠠ ᠶᠠᠪᠠᠭᠠᠨ ᠠᠶᠠᠯᠠᠯ ᠤᠨ ᠠᠮᠠᠷᠠᠯᠲᠠ ᠶᠢᠨ ᠴᠡᠭ ᠦᠳ ᠢ ᠪᠠᠶᠢᠭᠤᠯᠬᠤ ᠶᠤᠮ ᠪᠠᠶᠢᠨ᠎ᠠ᠃ ᠡᠨᠡᠬᠦ ᠪᠦᠲᠦᠭᠡᠨ ᠪᠠᠶᠢᠭᠤᠯᠤᠯᠲᠠ ᠳᠤ ᠱᠠᠭᠠᠷᠳᠠᠯᠭ᠎ᠠ ᠲᠠᠢ ᠬᠥᠷᠥᠩᠭᠡ ᠣᠷᠣᠭᠤᠯᠤᠯᠲᠠ ᠶᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠴᠠ ᠲᠠᠲᠠᠬᠤ ᠪᠠᠷ ᠶᠠᠷᠢᠶ᠎ᠠ ᠬᠡᠯᠡᠯᠴᠡᠭᠡ ᠬᠢᠭᠰᠡᠨ ᠪᠠᠶᠢᠨ᠎ᠠ᠃ ᠲᠣᠳᠣᠷᠠᠭᠤᠯᠪᠠᠯ᠂ ᠥᠩᠭᠡᠷᠡᠭᠰᠡᠨ ᠨᠠᠢᠮᠠᠳᠤᠭᠠᠷ ᠰᠠᠷ᠎ᠠ ᠶᠢᠨ 21-24 ᠍ ᠳᠦ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ  ᠭᠢᠷᠢᠨ ᠮᠤᠵᠢ ᠳᠤ ᠪᠣᠯᠤᠭᠰᠠᠨ ᠬᠢᠲᠠᠳ- ᠵᠡᠭᠦᠨ ᠬᠣᠶᠢᠳ ᠠᠽᠢᠶ᠎ᠠ ᠶᠢᠨ ᠬᠠᠮᠲᠤ ᠶᠢᠨ ᠠᠵᠢᠯᠯᠠᠭᠠᠨ ᠤ ᠳᠤᠭᠤᠢ ᠰᠢᠷᠡᠭᠡᠨ ᠦ ᠠᠭᠤᠯᠵᠠᠯᠲᠠ ᠶᠢᠨ ᠦᠶ᠎ᠡ ᠪᠡᠷ ᠲᠥᠪ ᠠᠶᠢᠮᠠᠭ ᠤᠨ ᠵᠠᠰᠠᠭ ᠳᠠᠷᠤᠭ᠎ᠠ ᠶᠢᠨ ᠣᠷᠣᠯᠠᠭᠴᠢ ᠴ∙ᠰᠠᠷᠠᠨᠭᠡᠷᠡᠯ᠂ ᠵᠠᠭᠤᠨᠮᠤᠳᠤ ᠰᠤᠮᠤ ᠶᠢᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠥᠯᠥᠭᠡᠯᠡᠭᠴᠢ ᠬ∙ᠴᠡᠷᠡᠩᠪᠠᠲᠤ᠂ ᠨ∙ᠳᠡᠯᠭᠡᠷᠵᠢᠷᠭᠠᠯ ᠳᠡᠭᠡᠷᠡᠬᠢ ᠲᠥᠰᠥᠯ ᠢᠶᠡᠨ ᠲᠠᠨᠢᠯᠴᠠᠭᠤᠯᠵᠤ᠂ ᠬᠥᠷᠥᠩᠭᠡ ᠣᠷᠣᠭᠤᠯᠤᠯᠲᠠ  ᠶᠢᠨ ᠠᠰᠠᠭᠤᠳᠠᠯ ᠢ ᠬᠥᠨᠳᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ