ᠪᠡᠶ᠎ᠡ ᠳᠠᠭᠠᠭᠠᠭᠰᠠᠨ ᠰᠢᠨᠵᠢᠭᠡᠴᠢ ᠮᠣᠩᠭᠣᠯ ᠳᠤ ᠠᠵᠢᠯᠯᠠᠨ᠎ᠠ  | News.MN

ᠪᠡᠶ᠎ᠡ ᠳᠠᠭᠠᠭᠠᠭᠰᠠᠨ ᠰᠢᠨᠵᠢᠭᠡᠴᠢ ᠮᠣᠩᠭᠣᠯ ᠳᠤ ᠠᠵᠢᠯᠯᠠᠨ᠎ᠠ 

ᠤᠯᠤᠰ ᠤᠨ ᠭᠠᠳᠠᠭᠠᠳᠤ ᠥᠷᠢ ᠪᠣᠯᠤᠨ ᠬᠤᠯᠪᠤᠭᠳᠠᠬᠤ ᠪᠤᠰᠤᠳ ᠰᠠᠩᠬᠦᠦ ᠶᠢᠨ ᠡᠭᠦᠷᠭᠡ ᠬᠠᠷᠢᠭᠤᠴᠠᠯᠭ᠎ᠠ ᠠᠴᠠ ᠬᠦᠮᠦᠨ ᠦ ᠡᠷᠬᠡ᠂ ᠲᠤᠬᠠᠶᠢᠯᠠᠪᠠᠯ ᠡᠳ᠋ ᠍ ᠦᠨ ᠵᠠᠰᠠᠭ᠂ ᠨᠡᠶᠢᠭᠡᠮ᠂ ᠰᠤᠶᠤᠯ ᠤᠨ ᠡᠷᠬᠡ ᠪᠡᠨ ᠪᠦᠷᠢᠨ ᠡᠳ᠋ᠯᠡᠬᠦ ᠳᠦ ᠦᠵᠡᠭᠦᠯᠬᠦ ᠨᠥᠯᠥᠭᠡᠯᠡᠯ ᠦᠨ ᠠᠰᠠᠭᠤᠳᠠᠯ ᠬᠠᠷᠢᠭᠤᠴᠠᠭᠰᠠᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠪᠡᠶ᠎ᠡ ᠳᠠᠭᠠᠭᠠᠭᠰᠠᠨ ᠰᠢᠨᠵᠢᠭᠡᠴᠢ ᠾᠤᠸᠠᠨ ᠫᠠᠪᠯᠤ᠋ ᠪᠣᠭᠣᠰᠯᠠᠪᠰᠺᠢ 2019 ᠣᠨ ᠤ 9 ᠳ᠋ᠤᠭᠡᠷ ᠰᠠᠷ᠎ᠠ ᠶᠢᠨ 2-11 ᠍ ᠦ ᠡᠳᠦᠷ ᠮᠣᠩᠭᠣᠯ ᠤᠯᠤᠰ ᠲᠤ ᠠᠵᠢᠯᠯᠠᠨ᠎ᠠ᠃  ᠪᠡᠶ᠎ᠡ ᠳᠠᠭᠠᠭᠠᠭᠰᠠᠨ ᠰᠢᠨᠵᠢᠭᠡᠴᠢ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠬᠤᠯᠪᠤᠭᠳᠠᠬᠤ ᠶᠠᠮᠤᠳ᠂ ᠦᠨᠳᠦᠰᠦᠨ ᠦ ᠠᠦ᠋ᠳᠢᠲ ᠤᠨ ᠭᠠᠵᠠᠷ᠂ ᠦᠨᠳᠦᠰᠦᠨ ᠦ ᠬᠥᠭᠵᠢᠯ ᠦᠨ ᠭᠠᠵᠠᠷ᠂ ᠤᠯᠤᠰ ᠤᠨ ᠶᠡᠷᠦᠩᠬᠡᠢ ᠫᠷᠣᠺᠤᠷᠣᠷ ᠤᠨ ᠭᠠᠵᠠᠷ᠂ ᠠᠪᠯᠢᠭ᠎ᠠ ᠲᠠᠢ ᠲᠡᠮᠡᠴᠡᠬᠦ ᠭᠠᠵᠠᠷ᠂ ᠲᠠᠲᠠᠪᠤᠷᠢ ᠶᠢᠨ ᠶᠡᠷᠦᠩᠬᠡᠢ ᠭᠠᠵᠠᠷ ᠮᠥᠨ ᠰᠠᠩᠬᠦᠦ ᠶᠢᠨ ᠵᠣᠬᠢᠴᠠᠭᠤᠯᠬᠤ ᠬᠣᠷᠢᠶ᠎ᠠ ᠪᠣᠯᠤᠨ ᠮᠣᠩᠭᠣᠯ ᠪᠠᠩᠬᠢ᠂ ᠬᠥᠭᠵᠢᠯ ᠦᠨ ᠪᠠᠩᠬᠢᠨ ᠤ ᠤᠳᠤᠷᠢᠳᠤᠯᠭ᠎ᠠ ᠲᠠᠢ ᠲᠤᠰ ᠲᠤᠰ ᠠᠭᠤᠯᠵᠠᠵᠤ᠂ 9  ᠳ᠋ᠤᠭᠡᠷ ᠰᠠᠷ᠎ᠠ ᠶᠢᠨ 7᠍ ᠳᠦ ᠡᠮᠦᠨᠡᠭᠣᠪᠢ ᠠᠶᠢᠮᠠᠭ ᠤᠨ ᠬᠠᠨᠪᠣᠭᠳᠠ ᠰᠤᠮᠤᠨ ᠳᠤ ᠦᠢᠯᠡ ᠠᠵᠢᠯᠯᠠᠭ᠎ᠠ ᠶᠠᠪᠤᠭᠤᠯᠵᠤ ᠪᠤᠢ ᠤᠭ᠍ᠶᠤᠲᠤᠯᠤᠭᠠᠢ ᠺᠣᠮᠫᠠᠨᠢ ᠶᠢᠨ ᠦᠢᠯᠡ ᠠᠵᠢᠯᠯᠠᠭ᠎ᠠ ᠲᠠᠢ ᠲᠠᠨᠢᠯᠴᠠᠨ᠎ᠠ᠃ ᠲᠡᠷᠡ ᠪᠡᠷ ᠮᠥᠨ ᠢᠷᠭᠡᠨ ᠦ ᠨᠡᠶᠢᠭᠡᠮ᠂ ᠰᠤᠳᠤᠯᠭᠠᠨ ᠤ ᠪᠠᠶᠢᠭᠤᠯᠤᠯᠭ᠎ᠠ᠂ ᠬᠤᠪᠢ ᠶᠢᠨ ᠬᠡᠪᠰᠢᠯ ᠪᠣᠯᠤᠨ ᠣᠯᠠᠨ ᠤᠯᠤᠰ ᠤᠨ ᠪᠠᠶᠢᠭᠤᠯᠤᠯᠭ᠎ᠠ ᠶᠢᠨ ᠲᠥᠯᠥᠭᠡᠯᠡᠯ ᠲᠡᠢ ᠠᠭᠤᠯᠵᠠᠬᠤ ᠪᠠᠷ ᠲᠥᠯᠥᠪᠯᠡᠭᠰᠡᠨ ᠪᠣᠯᠤᠨ᠎ᠠ᠃
ᠪᠡᠶ᠎ᠡ ᠳᠠᠭᠠᠭᠠᠭᠰᠠᠨ ᠰᠢᠨᠵᠢᠭᠡᠴᠢ ᠶᠢᠨ ᠠᠵᠢᠯ ᠤᠨ ᠵᠣᠷᠢᠯᠭ᠎ᠠ ᠨᠢ ᠦᠷᠢ ᠶᠢᠨ ᠲᠣᠭᠲᠠᠪᠤᠷᠢᠲᠠᠢ ᠪᠠᠶᠢᠳᠠᠯ᠂ ᠡᠳ᠋ ᠍ ᠦᠨ ᠵᠠᠰᠠᠭ ᠤᠨ ᠥᠰᠦᠯᠲᠡ ᠶᠢ ᠬᠠᠩᠭᠠᠬᠤ ᠶᠢᠨ ᠲᠤᠯᠠᠳᠠ ᠵᠠᠰᠠᠭ ᠤᠨ ᠭᠠᠵᠠᠷ ᠠᠴᠠ ᠠᠪᠴᠤ ᠬᠡᠷᠡᠭᠵᠢᠭᠦᠯᠵᠦ ᠪᠠᠶᠢᠭ᠎ᠠ ᠡᠳ᠋ ᠍ ᠦᠨ ᠵᠠᠰᠠᠭ᠂ ᠰᠠᠩᠬᠦᠦ ᠶᠢᠨ ᠰᠢᠨᠡᠴᠢᠯᠡᠯ ᠦᠨ ᠪᠣᠳᠣᠯᠭ᠎ᠠ᠂ ᠲᠡᠭᠦᠨ ᠦ ᠳᠣᠲᠣᠷ᠎ᠠ ᠭᠠᠳᠠᠭᠠᠳᠤ ᠶᠢᠨ ᠰᠢᠭᠤᠳ ᠬᠥᠷᠥᠩᠭᠡ ᠣᠷᠣᠭᠤᠯᠤᠯᠲᠠ᠂ ᠣᠯᠪᠤᠷᠢᠯᠠᠬᠤ ᠪᠣᠯᠤᠨ ᠳᠡᠳ᠋ ᠪᠦᠲᠦᠴᠡ ᠶᠢᠨ ᠰᠠᠯᠪᠤᠷᠢ ᠳᠤ ᠬᠡᠷᠡᠭᠵᠢᠭᠦᠯᠵᠦ ᠪᠤᠢ ᠪᠣᠳᠣᠯᠭ᠎ᠠ ᠬᠦᠮᠦᠨ ᠦ ᠡᠷᠬᠡ ᠶᠢ ᠬᠠᠩᠭᠠᠬᠤ᠂ ᠬᠠᠮᠠᠭᠠᠯᠠᠬᠤ ᠡᠭᠦᠷᠭᠡ ᠬᠠᠷᠢᠭᠤᠴᠠᠯᠭ᠎ᠠ ᠲᠠᠢ ᠬᠡᠷᠬᠢᠨ ᠨᠡᠶᠢᠴᠡᠵᠦ ᠪᠤᠢ ᠶᠢ ᠰᠤᠳᠤᠯᠵᠤ᠂ ᠦᠨᠡᠯᠡᠯᠲᠡ ᠳ᠋ᠦᠩᠨᠡᠯᠲᠡ ᠥᠭᠬᠦ ᠶᠤᠮ᠃

ᠰᠡᠳᠬᠢᠭᠳᠡᠯ ᠦᠯᠡᠳᠡᠭᠡᠬᠦ