ᠠᠷᠤᠬᠠᠩᠭᠠᠢ ᠠᠶᠢᠮᠠᠭ ᠤᠨ ᠲᠠᠷᠢᠶᠠᠲᠤ ᠰᠤᠮᠤ ᠶᠢᠨ ᠮᠠᠯᠴᠢᠳ ᠤᠨ ᠵᠦᠪᠯᠡᠯᠭᠡᠨ ᠳᠡᠭᠡᠷ᠎ᠡ ᠬᠣᠷᠭᠣ ᠪᠠᠭ ᠤᠨ ᠮᠠᠯᠴᠢᠨ ᠳ∙ᠪᠠᠲᠤᠳᠣᠷᠵᠢ ᠤᠯᠠᠮᠵᠢᠯᠠᠯᠲᠤ ᠮᠠᠯ ᠠᠵᠤ ᠠᠬᠤᠢ ᠪᠣᠯᠤᠨ ᠮᠠᠯᠴᠢᠳ ᠤᠨ ᠥᠪ ᠰᠤᠶᠤᠯ᠂ ᠦᠨᠡᠲᠦ ᠵᠦᠢᠯ ᠢ ᠵᠠᠯᠠᠭᠤ ᠬᠣᠶᠢᠴᠢ ᠦᠶ᠎ᠡ ᠳᠦ ᠥᠪᠯᠡᠭᠦᠯᠬᠦ᠂ ᠲᠦᠭᠡᠭᠡᠨ ᠳᠡᠯᠭᠡᠷᠡᠭᠦᠯᠬᠦ ᠲᠠᠯ᠎ᠠ ᠪᠠᠷ ᠰᠠᠨᠠᠯ ᠭᠠᠷᠭᠠᠵᠠᠢ᠃ ᠡᠨᠡ ᠰᠠᠨᠠᠯ ᠢ ᠳᠡᠮᠵᠢᠵᠦ᠂ ᠲᠠᠷᠢᠶᠠᠲᠤ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠮᠠᠯᠴᠢᠨ ᠲᠸᠯᠸᠢᠰ ᠲᠡᠢ ᠬᠠᠮᠲᠤᠷᠠᠨ ︽ᠪᠣᠭ ᠤᠨ ᠰᠠᠭᠠᠯᠢ︾ ᠬᠥᠲᠥᠯᠪᠦᠷᠢ ᠶᠢ ᠰᠤᠷᠤᠭᠴᠢᠳ ᠤᠨ ᠵᠤᠨ ᠤ ᠠᠮᠠᠷᠠᠯᠲᠠ ᠪᠠᠷ ᠬᠡᠷᠡᠭᠵᠢᠭᠦᠯᠦᠭᠰᠡᠨ ᠪᠠᠶᠢᠨ᠎ᠠ᠃ ᠬᠥᠲᠥᠯᠪᠦᠷᠢ ᠳᠦ ᠲᠠᠷᠢᠶᠠᠲᠤ ᠰᠤᠮᠤ ᠶᠢᠨ ᠰᠤᠷᠭᠠᠭᠤᠯᠢ ᠶᠢᠨ 7A ᠠᠩᠬᠢ ᠶᠢᠨ 10 ᠰᠤᠷᠤᠭᠴᠢ ᠶᠢ ᠬᠠᠮᠤᠷᠤᠭᠤᠯᠵᠠᠢ᠃
ᠬᠡᠦᠬᠡᠳ ᠦᠳ ᠮᠠᠯᠴᠢᠨ ᠤ ᠬᠤᠲᠠ ᠳᠤ ᠴᠢᠯᠠᠭᠤ ᠪᠠᠷ ᠭᠣᠷᠲᠢᠭ ︵ᠴᠢᠯᠠᠭᠤᠨ ᠬᠠᠰᠢᠶ᠎ᠠ︶ ᠲᠠᠲᠠᠵᠤ ᠂ ᠣᠷᠴᠢᠨ ᠤ ᠬᠢᠨᠢ ᠮᠠᠯ ᠤᠨ ᠪᠠᠭᠠᠰᠤ ᠶᠢ ᠴᠡᠪᠡᠷᠯᠡᠵᠦ᠂ ᠬᠣᠲᠠᠨ ᠤ ᠨᠣᠣᠰᠣ ᠲᠡᠭᠦᠳᠡᠭ᠂ ᠬᠣᠨᠢ ᠬᠤᠷᠠᠭᠠᠨ ᠤ ᠬᠠᠰᠢᠶᠠᠨ ᠤ ᠰᠢᠪᠬᠠᠢ ᠴᠡᠪᠡᠷᠯᠡᠳᠡᠭ᠂ ᠬᠤᠷᠠᠭ᠎ᠠ ᠬᠠᠷᠢᠭᠤᠯᠤᠭᠰᠠᠨ᠂ ᠬᠣᠨᠢ ᠬᠤᠯᠪᠤᠬᠤ᠂ ᠬᠣᠨᠢ ᠢᠮᠠᠭ᠎ᠠ ᠰᠠᠭᠠᠬᠤ᠂ ᠠᠭᠠᠷᠤᠤᠯ ᠲᠠᠯᠪᠢᠬᠤ᠂ ᠡᠭᠡᠵᠡᠭᠡᠢ ᠰᠢᠷᠭᠢᠭᠡᠬᠦ᠂ ᠲᠠᠷᠠᠭ ᠪᠥᠷᠢᠬᠦ ᠭᠡᠳ ᠯᠠ ᠬᠢᠭᠰᠡᠨ ᠠᠵᠢᠯ ᠢᠶᠠᠨ ᠰᠢᠷᠬᠡᠭᠴᠢᠯᠡᠨ ᠶᠠᠷᠢᠵᠤ ᠪᠠᠶᠢᠪᠠ᠃ ᠮᠥᠨ ᠬᠢᠵᠦ ᠦᠵᠡᠭᠡ ᠦᠭᠡᠢ ᠠᠵᠢᠯ ᠢᠶᠠᠨ ᠰᠤᠷᠬᠤ ᠶᠢᠨ ᠡᠮᠦᠨ᠎ᠡ ᠬᠥᠭ ᠲᠡᠢ ᠪᠠᠶᠢᠭᠰᠠᠨ ᠢᠶᠠᠨ ᠴᠤ ᠨᠢᠭᠤᠭᠰᠠᠨ ᠦᠭᠡᠢ᠃ ᠬᠡᠦᠬᠡᠳ ᠦᠳ ᠵᠢᠭᠠᠭᠰᠠᠨ ᠵᠦᠢᠯ ᠢ ᠴᠥᠭᠡᠨ ᠬᠣᠨᠣᠭ ᠲᠤ ᠠᠮᠠᠷᠬᠠᠨ ᠰᠤᠷᠴᠠᠢ᠃