︽ᠳᠡᠯᠡᠬᠡᠢ ᠶᠢᠨ ᠮᠢᠰᠰ︾ ᠲᠡᠮᠡᠴᠡᠭᠡᠨ ᠳᠦ ᠤᠷᠤᠯᠴᠠᠬᠤ ᠢᠯᠠᠭᠴᠢ ᠶᠢ ᠲᠣᠳᠣᠷᠠᠭᠤᠯᠤᠨ᠎ᠠ  | News.MN

 ︽ᠳᠡᠯᠡᠬᠡᠢ ᠶᠢᠨ ᠮᠢᠰᠰ︾ ᠲᠡᠮᠡᠴᠡᠭᠡᠨ ᠳᠦ ᠤᠷᠤᠯᠴᠠᠬᠤ ᠢᠯᠠᠭᠴᠢ ᠶᠢ ᠲᠣᠳᠣᠷᠠᠭᠤᠯᠤᠨ᠎ᠠ 

ᠠᠩᠭᠯᠢ ᠶᠢᠨ ᠯᠣᠨᠳᠣᠨ ᠬᠣᠲᠠ ᠶᠢᠨ Excel Arena ᠍ ᠳᠦ ᠪᠣᠯᠬᠤ 69 ᠳ᠋ᠡᠬᠢ ᠤᠳᠠᠭ᠎ᠠ ᠶᠢᠨ  ︽ᠳᠡᠯᠡᠬᠡᠢ ᠶᠢᠨ ᠮᠢᠰᠰ︾  ᠲᠡᠮᠡᠴᠡᠭᠡᠨ ᠳᠦ ᠮᠣᠩᠭᠣᠯ ᠤᠯᠤᠰ ᠭᠣᠸ᠎ᠠ ᠪᠦᠰᠡᠭᠦᠢ ᠪᠡᠨ ᠰᠣᠶᠢᠬᠤ ᠶᠢᠨ ᠲᠤᠯᠠᠳᠠ ᠰᠢᠯᠢᠳᠡᠭ ᠢ ᠲᠣᠳᠣᠷᠠᠭᠤᠯᠬᠤ Miss World Mongolia-2019 ᠲᠡᠮᠡᠴᠡᠭᠡᠨ ᠢ ᠵᠣᠬᠢᠶᠠᠨ ᠪᠠᠶᠢᠭᠤᠯᠬᠤ ᠪᠠᠷ ᠪᠣᠯᠤᠭᠰᠠᠨ ᠪᠠᠶᠢᠨ᠎ᠠ᠃
ᠲᠡᠮᠡᠴᠡᠭᠡᠨ ᠢᠷᠡᠬᠦ ᠶᠢᠰᠦᠳᠦᠭᠡᠷ ᠰᠠᠷ᠎ᠠ ᠶᠢᠨ 14 ᠍ ᠳᠦ ᠪᠣᠯᠤᠨ᠎ᠠ᠃ ᠡᠨᠡ ᠲᠠᠯ᠎ᠠ ᠪᠠᠷ ᠥᠨᠥᠳᠥᠷ  ︵08.26 ︶Asian Future ᠺᠣᠮᠫᠠᠨᠢ ᠶᠢᠨ ᠵᠠᠬᠢᠷᠤᠯ ᠼ∙ᠰᠤᠶᠤᠯᠡᠷᠳᠡᠨᠢ ᠂ ᠲᠣᠫ ᠮᠣᠳᠧᠯ ᠬ∙ᠪᠠᠳᠮᠭᠡᠷᠡᠯ᠂ Miss World 2016 ᠲᠡᠮᠡᠴᠡᠭᠡᠨ ᠦ ᠦᠨᠳᠦᠰᠦᠨ ᠦ ᠢᠯᠠᠭᠴᠢ ᠠ᠊∙ᠪᠠᠶᠠᠷᠴᠡᠴᠡᠭ ᠨᠠᠷ ᠮᠡᠳᠡᠭᠡᠯᠡᠯ ᠬᠢᠯ᠎ᠡ᠃ ᠥᠨᠥ ᠵᠢᠯ ᠦᠨ ᠲᠡᠮᠡᠴᠡᠭᠡᠨ ᠳᠦ 11 ᠭᠣᠸ᠎ᠠ ᠪᠦᠰᠡᠭᠦᠢ ᠣᠷᠣᠯᠴᠠᠵᠤ᠂ ᠬᠠᠮᠤᠭ ᠤᠨ ᠰᠢᠯᠢᠳᠡᠭ ᠨᠢ ︽ᠳᠡᠯᠡᠬᠡᠢ ᠶᠢᠨ ᠮᠢᠰᠰ ︾ ᠲᠦ ᠤᠷᠤᠯᠴᠠᠬᠤ ᠡᠷᠬᠡ ᠶᠢ ᠣᠯᠵᠤ ᠠᠪᠬᠤ  ᠶᠤᠮ ᠃ Miss World Mongolia-2019 ᠍ ᠳᠦ ᠳᠡᠯᠡᠬᠡᠢ ᠶᠢᠨ 130 ᠭᠠᠷᠤᠢ ᠣᠷᠣᠨ ᠤ ᠭᠣᠸ᠎ᠠ ᠪᠦᠰᠡᠭᠦᠶᠢᠴᠦᠳ ᠥᠷᠢᠰᠦᠯᠳᠦᠨ᠎ᠡ᠃ ᠲᠤᠰ ᠲᠡᠮᠡᠴᠡᠭᠡᠨ ᠨᠢ 1951 ᠣᠨ ᠠᠴᠠ ᠬᠣᠶᠢᠰᠢ ᠵᠣᠬᠢᠶᠠᠨ ᠪᠠᠶᠢᠭᠤᠯᠤᠭᠳᠠᠵᠤ ᠢᠷᠡᠭᠰᠡᠨ ᠪᠣᠯ ᠮᠣᠩᠭᠣᠯ ᠤᠯᠤᠰ 15  ᠳ᠋ᠡᠬᠢ ᠵᠢᠯ ᠳᠦ ᠪᠡᠨ ᠤᠷᠤᠯᠴᠠᠬᠤ ᠶᠤᠮ᠃

ᠰᠡᠳᠬᠢᠭᠳᠡᠯ ᠦᠯᠡᠳᠡᠭᠡᠬᠦ