ᠮᠣᠩᠭᠣᠯ ᠤᠨ ᠠᠳᠤᠭᠤᠨ ᠤ ᠰᠤᠶᠤᠯ ᠢ ᠰᠤᠷᠲᠠᠯᠴᠢᠯᠠᠪᠠ  | News.MN

ᠮᠣᠩᠭᠣᠯ ᠤᠨ ᠠᠳᠤᠭᠤᠨ ᠤ ᠰᠤᠶᠤᠯ ᠢ ᠰᠤᠷᠲᠠᠯᠴᠢᠯᠠᠪᠠ 

8 ᠳ᠋ᠤᠭᠠᠷ ᠰᠠᠷ᠎ᠠ ᠶᠢᠨ 25 ᠤ ᠡᠳᠦᠷ ᠰᠸᠢᠰ ᠤᠯᠤᠰ ᠤᠨ ᠵᠸᠨᠧ ᠬᠤᠲᠠ ᠳᠤ ᠪᠣᠯᠤᠭᠰᠠᠨ Jaeger-LeCoultre ᠺᠣᠮᠫᠠᠨᠢ ᠶᠢᠨ ᠨᠡᠷᠡᠮᠵᠢᠲᠦ ᠣᠯᠠᠨ ᠤᠯᠤᠰ ᠤᠨ ᠮᠣᠷᠢᠨ ᠫᠣᠯᠣ ᠮᠠᠰᠲ᠋ᠸᠷᠰ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠦᠶ᠎ᠡ ᠪᠡᠷ ᠮᠣᠩᠭᠣᠯ ᠤᠯᠤᠰ ᠠᠴᠠ ᠰᠸᠢᠰ ᠤᠨ ᠬᠣᠯᠪᠣᠭᠠᠨ ᠤ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ  ᠬᠤᠶᠠᠳᠠᠬᠢ ᠵᠢᠯ ᠳᠦ ᠪᠡᠨ ᠮᠣᠩᠭᠣᠯ ᠭᠡᠷ ᠪᠠᠷᠢᠵᠤ᠂ ᠮᠣᠩᠭᠣᠯ ᠰᠤᠶᠤᠯ ᠠᠬᠤᠢ ᠶᠢ ᠰᠤᠷᠲᠠᠯᠴᠢᠯᠠᠪᠠ᠃
ᠤᠭ ᠲᠡᠮᠡᠴᠡᠭᠡᠨ ᠨᠢ  ᠭᠤᠴᠢᠳᠠᠬᠢ ᠵᠢᠯ ᠳᠦ ᠪᠡᠨ ᠵᠣᠬᠢᠶᠠᠨ ᠪᠠᠶᠢᠭᠤᠯᠤᠭᠳᠠᠵᠤ ᠪᠠᠶᠢᠭ᠎ᠠ ᠪᠥᠭᠡᠳ ᠡᠨᠡ ᠤᠳᠠᠭ᠎ᠠ ᠶᠢᠨ ᠲᠡᠮᠡᠴᠡᠭᠡᠨ ᠳᠦ ᠠᠷᠭᠧᠨᠲ᠋ᠢᠨ᠂ ᠭᠧᠷᠮᠠᠨ᠂ ᠪᠧᠯᠬᠢ᠂ ᠰᠸᠢᠰ᠂ ᠹᠷᠠᠨᠼᠢ ᠶᠢᠨ ᠲᠠᠮᠢᠷᠴᠢᠳ ᠠᠴᠠ ᠪᠦᠷᠢᠳᠦᠭᠰᠡᠨ ᠬᠣᠯᠢᠮᠠᠭ ᠵᠢᠷᠭᠤᠭᠠᠨ ᠪᠠᠭ ᠤᠷᠤᠯᠴᠠᠪᠠ᠃ ᠡᠨᠡ ᠵᠢᠯ ᠦᠨ ᠲᠡᠮᠡᠴᠡᠭᠡᠨ ᠢ ᠰᠸᠢᠰ ᠤᠨ ᠪᠤᠰᠤᠳ ᠮᠤᠵᠢ ᠪᠣᠯᠤᠨ ᠣᠯᠠᠨ ᠤᠯᠤᠰ ᠤᠨ ᠪᠠᠶᠢᠭᠤᠯᠤᠯᠭ᠎ᠠ ᠶᠢᠨ ᠲᠥᠯᠥᠭᠡᠯᠡᠯ ᠥᠷᠭᠡᠨ ᠢᠶᠡᠷ ᠦᠵᠡᠵᠦ ᠰᠣᠨᠢᠷᠬᠠᠭᠰᠠᠨ ᠪᠥᠭᠡᠳ ᠲᠡᠳᠡ ᠮᠣᠩᠭᠣᠯ ᠭᠡᠷ ᠲᠦ ᠵᠣᠴᠢᠯᠠᠵᠤ᠂ ᠮᠣᠩᠭᠣᠯᠴᠤᠳ ᠤᠨ ᠠᠳᠤᠭᠤ ᠮᠠᠯᠯᠠᠬᠤ ᠥᠪ ᠰᠤᠶᠤᠯ ᠲᠠᠢ ᠲᠠᠨᠢᠯᠴᠠᠯ᠎ᠠ᠃ ᠢᠯᠠᠩᠭᠤᠶ᠎ᠠ᠂ ᠮᠣᠩᠭᠣᠯ ᠭᠡᠷ ᠦᠨ ᠥᠪᠡᠷᠮᠢᠴᠡ ᠪᠦᠲᠦᠴᠡ᠂ ᠤᠷᠠᠨ ᠪᠠᠶᠢᠳᠠᠯ ᠨᠢ ᠬᠡᠦᠬᠡᠳ᠂ ᠵᠠᠯᠠᠭᠤᠴᠤᠳ ᠤᠨ ᠰᠣᠨᠢᠷᠬᠠᠯ ᠢ ᠶᠡᠬᠡᠬᠡᠨ ᠲᠠᠲᠠᠪᠠ᠃

ᠰᠡᠳᠬᠢᠭᠳᠡᠯ ᠦᠯᠡᠳᠡᠭᠡᠬᠦ