ᠪᠢᠽᠢᠨᠧᠰ ᠠᠭᠤᠯᠵᠠᠯᠲᠠ ᠢ ᠬᠢᠯ᠎ᠡ  | News.MN

 ᠪᠢᠽᠢᠨᠧᠰ ᠠᠭᠤᠯᠵᠠᠯᠲᠠ ᠢ ᠬᠢᠯ᠎ᠡ 

ᠶᠡᠷᠦᠩᠬᠡᠢ ᠰᠠᠶᠢᠳ ᠤ᠊∙ᠬᠦᠷᠡᠯᠰᠦ᠋ᠬᠡ ᠲᠠᠩᠬᠢᠮ ᠤᠨ ᠰᠠᠶᠢᠳ ᠨᠠᠷ ᠤᠨ ᠬᠠᠮᠲᠤ ᠥᠨᠥᠳᠥᠷ ᠮᠣᠩᠭᠣᠯ ᠤᠯᠤᠰ ᠤᠨ ᠲᠥᠰᠥᠪ ᠢ ᠪᠦᠷᠢᠳᠦᠭᠦᠯᠬᠦ ᠳᠦ ᠲᠣᠳᠣᠷᠬᠠᠢ ᠬᠤᠪᠢ ᠨᠡᠮᠡᠷᠢ ᠣᠷᠣᠭᠤᠯᠳᠠᠭ ᠰᠢᠯᠢᠳᠡᠭ 250 ᠭᠠᠷᠤᠢ ᠪᠢᠽᠢᠨᠧᠰ ᠡᠷᠬᠢᠯᠡᠭᠴᠢᠳ ᠲᠡᠢ ᠡᠭᠡᠯᠵᠢᠲᠦ ︽ᠪᠢᠽᠢᠨᠧᠰ ᠠᠭᠤᠯᠵᠠᠯᠲᠠ ︾ ᠢ ᠬᠢᠯ᠎ᠡ᠃ ᠠᠭᠤᠯᠵᠠᠯᠲᠠ ᠳᠤ  ᠠᠭᠤᠯᠠ ᠠᠭᠤᠷᠬᠠᠢ ᠶᠢᠨ ᠰᠠᠶᠢᠳ ᠳ∙ᠰᠤᠮᠢᠶᠠᠪᠠᠽᠠᠷ ᠪᠣᠯᠤᠨ ᠪᠤᠰᠤᠳ ᠰᠠᠯᠪᠤᠷᠢ ᠶᠢᠨ ᠰᠠᠶᠢᠳ ᠨᠠᠷ ᠵᠠᠷᠢᠮ ᠠᠭᠧᠨᠲᠯᠢᠭ ᠤᠨ ᠳᠠᠷᠤᠭ᠎ᠠ᠂ ᠨᠡᠶᠢᠰᠯᠡᠯ ᠦᠨ ᠵᠠᠰᠠᠭ ᠳᠠᠷᠤᠭ᠎ᠠ᠂ ᠮᠣᠩᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠤᠨ ᠤᠳᠤᠷᠢᠳᠤᠯᠭ᠎ᠠ ᠨᠠᠷ ᠣᠷᠣᠯᠴᠠᠵᠤ᠂ ᠪᠢᠽᠢᠨᠧᠰ ᠡᠷᠬᠢᠯᠡᠭᠴᠢᠳ ᠦᠨ ᠠᠰᠠᠭᠤᠯᠲᠠ ᠳᠤ ᠬᠠᠷᠢᠭᠤᠯᠲᠠ ᠥᠭᠭᠦᠯ᠎ᠡ᠃
ᠰᠠᠶᠢᠳ ᠳ∙ᠰᠤᠮᠢᠶᠠᠪᠠᠽᠠᠷ᠄ ᠮᠣᠩᠭᠣᠯ ᠤᠯᠤᠰ ᠲᠤ ᠬᠠᠶᠢᠭᠤᠯ ᠬᠡᠷᠡᠭᠲᠡᠢ ᠤᠤ ᠭᠡᠪᠡᠯ ᠬᠡᠷᠡᠭᠲᠡᠢ᠃ ᠢᠷᠡᠭᠡᠳᠦᠢ ᠳᠦ ᠶᠠᠮᠠᠷ ᠨᠥᠭᠡᠴᠡ ᠪᠠᠶᠠᠯᠢᠭ ᠢᠶᠠᠨ ᠦᠷ᠎ᠡ ᠬᠣᠶᠢᠴᠢ ᠳᠤ ᠪᠠᠨ ᠦᠯᠡᠳᠡᠭᠡᠬᠦ ᠪᠤᠢ ᠭᠡᠳᠡᠭ ᠢᠶᠡᠨ ᠮᠠᠰᠢ ᠲᠣᠳᠣᠷᠬᠠᠢ ᠪᠣᠯᠭᠠᠬᠤ ᠶᠣᠰᠣᠲᠠᠢ᠃ ᠬᠠᠶᠢᠭᠤᠯ᠂ ᠠᠰᠢᠭᠯᠠᠯᠲᠠ ᠭᠡᠳᠡᠭ ᠪᠣᠯ ᠬᠣᠶᠠᠷ ᠥᠭᠡᠷ᠎ᠡ ᠠᠰᠠᠭᠤᠳᠠᠯ᠃ ᠠᠰᠢᠭᠯᠠᠯᠲᠠ ᠶᠢᠨ ᠲᠤᠰᠬᠠᠢ ᠵᠥᠪᠰᠢᠶᠡᠷᠡᠯ ᠭᠡᠳᠡᠭ ᠨᠢ ᠦᠢᠯᠡ ᠠᠵᠢᠯᠯᠠᠭ᠎ᠠ ᠶᠠᠪᠤᠭᠤᠯᠤᠨ᠎ᠠ᠃ ᠬᠠᠶᠢᠭᠤᠯ ᠤᠨ ᠲᠤᠰᠬᠠᠢ ᠵᠥᠪᠰᠢᠶᠡᠷᠡᠯ ᠪᠣᠯ ᠬᠠᠶᠢᠭᠤᠯ ᠢ ᠲᠤᠬᠠᠢ ᠶᠢᠨ ᠪᠠᠶᠠᠯᠢᠭ ᠤᠨ ᠨᠥᠭᠡᠴᠡ ᠶᠢ ᠲᠣᠭᠲᠠᠭᠠᠭᠠᠳ ᠤᠯᠤᠰ ᠤᠨ ᠰᠠᠩ ᠳᠤ ᠪᠦᠷᠢᠳᠬᠡᠭᠦᠯᠵᠦ ᠪᠠᠶᠢᠭ᠎ᠠ ᠶᠤᠮ᠃ ᠲᠡᠭᠡᠬᠦ ᠪᠡᠷ ᠠᠵᠤ ᠠᠬᠤᠢ ᠨᠢᠭᠡᠴᠡ ᠨᠦᠭᠦᠳ ᠮᠢᠨᠢ ᠳᠠᠬᠢᠨ ᠳᠠᠪᠲᠠᠨ ᠬᠡᠯᠡᠬᠦ ᠳᠦ ᠬᠠᠷᠢᠭᠤᠴᠠᠯᠭ᠎ᠠ ᠲᠠᠢ ᠠᠵᠢᠯᠯᠠᠭᠠᠷᠠᠢ᠃ ᠶᠠᠮᠤᠨ ᠠᠯᠲᠠ᠂ ᠨᠡᠭᠦᠷᠡᠰᠦᠨ ᠦ ᠰᠠᠯᠪᠤᠷᠢ ᠳᠤ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠭ᠎ᠠ ᠸᠠᠯᠢᠶᠤᠲ ᠤᠨ ᠡᠬᠢ ᠡᠭᠦᠰᠪᠦᠷᠢ ᠡᠺᠰᠫᠣᠷᠲ ᠤᠨ ᠣᠷᠣᠯᠭ᠎ᠠ ᠶᠢ ᠨᠡᠮᠡᠭᠳᠡᠭᠦᠯᠵᠦ ᠪᠠᠶᠢᠭ᠎ᠠ ᠶᠢ ᠨᠢ ᠪᠦᠷᠢᠨ ᠳᠦᠭᠦᠷᠡᠩ ᠳᠡᠮᠵᠢᠵᠦ ᠠᠵᠢᠯᠯᠠᠨ᠎ᠠ᠃ ᠥᠨᠥᠳᠥᠷ ᠴᠡᠴᠡᠷᠯᠢᠭ ᠰᠤᠷᠭᠠᠭᠤᠯᠢ ᠬᠡᠷᠡᠭᠲᠡᠢ ᠪᠠᠶᠢᠨ᠎ᠠ᠃ ᠤᠯᠠᠭᠠᠨᠪᠠᠭᠠᠲᠤᠷ ᠤᠨ ᠤᠲᠤᠭᠠᠨ ᠤ ᠠᠰᠠᠭᠤᠳᠠᠯ ᠢ ᠰᠢᠢᠳᠦᠮᠡᠷ ᠪᠠᠶᠢᠨ᠎ᠠ᠃ ᠵᠠᠮ ᠳᠡᠳ᠋ ᠪᠦᠲᠦᠴᠡ ᠶᠢᠨ ᠠᠵᠢᠯ ᠢ ᠰᠢᠢᠳᠦᠮᠡᠷ ᠪᠠᠶᠢᠨ᠎ᠠ᠃ ᠡᠨᠳᠡ ᠲᠠ ᠪᠦᠬᠦᠨ ᠦ ᠬᠠᠷᠢᠭᠤᠴᠠᠯᠭ᠎ᠠ ᠲᠠᠢ ᠣᠷᠣᠯᠴᠠᠭ᠎ᠠ ᠬᠡᠷᠡᠭᠲᠡᠢ ᠪᠠᠶᠢᠭ᠎ᠠ ᠶᠢ ᠶᠡᠷᠦᠩᠬᠡᠢ ᠰᠠᠶᠢᠳ ᠤᠨ ᠡᠮᠦᠨ᠎ᠡ ᠬᠡᠯᠡᠮᠡᠷ ᠪᠠᠶᠢᠨ᠎ᠠ᠃
ᠮᠥᠨ ᠲᠠᠪᠤᠨᠲᠣᠯᠣᠭᠠᠢ ᠶᠢᠨ IPO ᠳᠡᠭᠡᠷ᠎ᠡ ᠪᠢᠳᠡ ᠬᠤᠭᠤᠴᠠᠭ᠎ᠠ ᠶᠡᠬᠡ ᠠᠯᠳᠠᠭᠰᠠᠨ᠃ ᠲᠠᠪᠤᠨᠲᠣᠯᠣᠭᠠᠢ ᠶᠢᠨ ᠣᠷᠳᠣ ᠳᠡᠭᠡᠷ᠎ᠡ ᠲᠤᠬᠠᠢ ᠶᠢᠨ ᠣᠷᠳᠣᠨ ᠤ ᠨᠡᠶᠢᠲᠡ 8 ᠲᠤᠰᠬᠠᠢ ᠵᠥᠪᠰᠢᠶᠡᠷᠡᠯ ᠦᠨ ᠢᠶᠡᠨ 30 ᠬᠤᠪᠢ ᠶᠢ ᠭᠠᠷᠭᠠᠬᠤ ᠤᠤ︖ ᠣᠯᠠᠨ ᠤᠯᠤᠰ ᠤᠨ ᠲᠦᠪᠰᠢᠨ ᠳᠦ ᠰᠲ᠋ᠠᠨᠳᠠᠷᠲ ᠨᠣᠮ ᠤᠨ ᠱᠠᠭᠠᠷᠳᠠᠯᠭ᠎ᠠ ᠨᠡᠶᠢᠴᠡᠭᠦᠯᠦᠭᠡᠳ ᠨᠡᠶᠢᠲᠡ ᠲᠤᠰᠬᠠᠢ ᠵᠥᠪᠰᠢᠶᠡᠷᠡᠯ ᠦᠨ ᠢᠶᠡᠨ 100 ᠬᠤᠪᠢ ᠶᠢᠨ 30 ᠬᠤᠪᠢ ᠶᠢ ᠭᠠᠷᠭᠠᠬᠤ ᠤᠤ︖ ᠭᠡᠳᠡᠭ ᠢᠶᠡᠷ ᠵᠠᠰᠠᠭ ᠤᠨ ᠭᠠᠵᠠᠷ ᠤᠨ ᠭᠡᠰᠢᠭᠦᠳ᠂ ᠶᠡᠷᠦᠩᠬᠡᠢ ᠰᠠᠶᠢᠳ ᠲᠠᠢ ᠣᠯᠠᠨ ᠤᠳᠠᠭ᠎ᠠ ᠶᠠᠷᠢᠯᠴᠠᠭᠰᠠᠨ᠃ ᠪᠢᠳᠡ IPO ᠢ 2 ᠰᠠᠷ᠎ᠠ ᠠᠴᠠ 5 ᠰᠠᠷ᠎ᠠ ᠶᠢᠨ ᠬᠣᠭᠣᠷᠣᠨᠳᠣ ᠭᠠᠷᠭᠠᠬᠤ ᠪᠠᠷ ᠲᠣᠭᠠᠴᠠᠵᠤ ᠪᠠᠶᠢᠨ᠎ᠠ ᠭᠡᠳᠡᠭ ᠢ ᠬᠡᠯᠡᠭᠰᠡᠨ ᠶᠤᠮ᠃
ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠳᠤ ᠪᠣᠯᠤᠭᠰᠠᠨ ᠡᠭᠡᠯᠵᠢᠲᠦ ᠠᠭᠤᠯᠵᠠᠯᠲᠠ ᠦᠷ᠎ᠡ ᠳ᠋ᠦᠩ ᠲᠡᠢ ᠪᠣᠯᠵᠤ ᠪᠠᠶᠢᠨ᠎ᠠ᠃ ᠤᠯᠠᠷᠢᠯ ᠲᠤᠲᠤᠮ ᠳᠤ ᠡᠨᠡ ᠠᠭᠤᠯᠵᠠᠯᠲᠠ ᠶᠢ ᠰᠠᠯᠪᠤᠷᠢ ᠰᠠᠯᠪᠤᠷᠢ ᠶᠢᠨ ᠬᠦᠷᠢᠶᠡᠨ ᠳᠦ ᠬᠢᠳᠡᠭ ᠪᠣᠯᠬᠤ ᠶᠢ ᠶᠡᠷᠦᠩᠬᠡᠢ ᠰᠠᠶᠢᠳ ᠲᠤ ᠪᠢᠽᠢᠨᠧᠰ ᠡᠷᠬᠢᠯᠡᠭᠴᠢᠳ ᠲᠦ ᠤᠯᠠᠮᠵᠢᠯᠠᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ