ᠬᠦᠷᠡᠯ ᠦᠨ ᠰᠤᠶᠤᠯ ᠤᠨ ᠳᠤᠷᠠᠰᠬᠠᠯ ᠤᠳ ᠲᠦ ᠦᠨᠡᠯᠡᠭᠡ ᠬᠢᠪᠡ  | News.MN

 ᠬᠦᠷᠡᠯ ᠦᠨ ᠰᠤᠶᠤᠯ ᠤᠨ ᠳᠤᠷᠠᠰᠬᠠᠯ ᠤᠳ ᠲᠦ ᠦᠨᠡᠯᠡᠭᠡ ᠬᠢᠪᠡ 

ᠮᠣᠩᠭᠣᠯ ᠤᠯᠤᠰ 2018 ᠣᠨ ᠳᠤ ︽ᠪᠤᠭᠤᠨ ᠬᠥᠰᠢᠶ᠎ᠡ ᠪᠦᠬᠦᠢ ᠬᠦᠷᠡᠯ ᠦᠨ ᠰᠤᠶᠤᠯ ᠤᠨ ᠴᠣᠭᠴᠠᠯᠠᠪᠤᠷᠢ ᠳᠤᠷᠠᠰᠬᠠᠯ ᠤᠳ︾ ᠥᠪ ᠢ ᠳᠡᠯᠡᠬᠡᠢ ᠶᠢᠨ ᠥᠪ ᠦᠨ ᠵᠢᠭᠰᠠᠭᠠᠯᠲᠠ ᠳᠤ ᠪᠥᠷᠢᠳᠬᠡᠭᠦᠯᠬᠦ ᠪᠡᠷ ᠨᠤᠮᠢᠨᠠᠼ ᠪᠡᠯᠡᠳᠬᠡᠨ᠂ ᠡᠷᠭᠦᠨ ᠪᠠᠷᠢᠭᠰᠠᠨ᠃ ᠡᠨᠡ ᠳᠠᠭᠠᠤ ᠳᠡᠯᠡᠬᠡᠢ ᠶᠢᠨ ᠥᠪ ᠦᠨ ᠬᠣᠷᠢᠶᠠᠨ ᠳᠤ ᠵᠥᠪᠯᠡᠬᠦ ᠡᠭᠦᠷᠭᠡ ᠪᠦᠬᠦᠢ ᠬᠥᠰᠢᠶ᠎ᠡ ᠳᠤᠷᠠᠰᠬᠠᠯ᠂ ᠳᠤᠷᠠᠰᠬᠠᠯᠲᠤ ᠭᠠᠵᠠᠷ ᠤᠳ ᠤᠨ ᠣᠯᠠᠨ ᠤᠯᠤᠰ ᠤᠨ ᠵᠥᠪᠯᠡᠯ ︵ICOMOS︶᠍ ᠦᠨ ᠰᠢᠨᠵᠢᠭᠡᠴᠢ  ᠲᠤᠰᠢᠶᠤ᠋ ᠬᠠᠶᠠᠰᠢ ᠥᠩᠭᠡᠷᠡᠭᠴᠢ ᠡᠳᠦᠷ ᠦᠳ ᠲᠦ ᠮᠣᠩᠭᠣᠯ ᠤᠯᠤᠰ ᠲᠤ ᠠᠵᠢᠯᠯᠠᠵᠤ᠂ ᠲᠧᠭᠨᠢᠭ ᠦᠨ ᠦᠨᠡᠯᠡᠭᠡ ᠶᠢ ᠬᠢᠭᠡᠳ ᠪᠤᠴᠠᠯ᠎ᠠ᠃ ᠮᠥᠨ ᠠᠷᠤᠬᠠᠩᠭᠠᠢ ᠠᠶᠢᠮᠠᠭ ᠤᠨ ᠶᠡᠬᠡᠲᠠᠮᠢᠷ ᠰᠤᠮᠤ ᠶᠢᠨ ᠴᠠᠴᠠ ᠶᠢᠨ ᠡᠷᠭᠢ ᠶᠢᠨ ᠳᠤᠷᠠᠰᠬᠠᠯᠲᠤ ᠭᠠᠵᠠᠷ᠂ ᠥᠨᠳᠥᠷ ᠤᠯᠠᠭᠠᠨ ᠰᠤᠮᠤ ᠶᠢᠨ ᠨᠤᠲᠤᠭ ᠲᠤ ᠤᠷᠤᠰᠢᠬᠤ ᠶᠡᠬᠡ ᠵᠢᠷᠭᠠᠯᠠᠩᠲᠤ ᠶᠢᠨ ᠳᠤᠷᠠᠰᠬᠠᠯᠲᠤ ᠭᠠᠵᠠᠷ᠂ ᠬᠥᠪᠰᠥᠭᠥᠯ ᠠᠶᠢᠮᠠᠭ ᠤᠨ ᠪᠦᠷᠢᠨᠳᠤᠭᠲᠠᠬᠤ ᠰᠤᠮᠤ ᠶᠢᠨ ᠠᠭᠤᠰᠬᠢ ᠶᠢᠨ ᠡᠪᠦᠷ ᠦᠨ ᠳᠤᠷᠠᠰᠬᠠᠯᠲᠤ ᠭᠠᠵᠠᠷ ᠲᠤ ᠠᠵᠢᠯᠯᠠᠪᠠ᠃

ᠰᠢᠨᠵᠢᠭᠡᠴᠢ ᠲᠤᠰᠢᠶᠤ᠋ ᠬᠠᠶᠠᠰᠢ ᠲᠧᠭᠨᠢᠭ ᠦᠨ ᠦᠨᠡᠯᠡᠭᠡᠨ ᠦ ᠲᠠᠶᠢᠯᠤᠨ ᠢᠶᠠᠨ ᠳᠡᠯᠡᠬᠡᠢ ᠶᠢᠨ ᠥᠪ ᠦᠨ ᠬᠣᠷᠢᠶᠠᠨ ᠳᠤ ᠬᠦᠷᠭᠡᠭᠦᠯᠬᠦ ᠪᠥᠭᠡᠳ 2020 ᠣᠨ ᠳᠤ ᠪᠣᠯᠬᠤ ᠳᠡᠯᠡᠬᠡᠢ ᠶᠢᠨ ᠥᠪ ᠦᠨ ᠬᠣᠷᠢᠶᠠᠨ ᠤ ᠡᠭᠡᠯᠵᠢᠲᠦ ᠬᠤᠷᠠᠯ ᠢᠶᠠᠷ ︽ᠪᠤᠭᠤᠨ ᠬᠥᠰᠢᠶ᠎ᠡ ᠪᠦᠬᠦᠢ ᠬᠦᠷᠡᠯ ᠦᠨ ᠰᠤᠶᠤᠯ ᠤᠨ ᠴᠣᠭᠴᠠᠯᠠᠪᠤᠷᠢ ᠳᠤᠷᠠᠰᠬᠠᠯ ᠤᠳ︾ ᠥᠪ ᠢ ᠳᠡᠯᠡᠬᠡᠢ ᠶᠢᠨ ᠥᠪ ᠲᠦ ᠪᠦᠷᠢᠳᠬᠡᠬᠦ ᠡᠰᠡᠬᠦ ᠠᠰᠠᠭᠤᠳᠠᠯ ᠢ ᠬᠡᠯᠡᠯᠴᠡᠬᠦ ᠶᠤᠮ᠃

ᠰᠡᠳᠬᠢᠭᠳᠡᠯ ᠦᠯᠡᠳᠡᠭᠡᠬᠦ