ᠦᠨᠳᠦᠰᠦᠨ ᠦ ᠶᠡᠬᠡ ᠪᠠᠶᠠᠷ ᠨᠠᠭᠠᠳᠤᠮ ᠢ ᠵᠣᠬᠢᠶᠠᠨ ᠪᠠᠶᠢᠭᠤᠯᠬᠤ ᠬᠣᠷᠢᠶᠠᠨ ᠤ ᠬᠤᠷᠠᠯ ᠥᠨᠥᠳᠥᠷ ︵08.26︶ ᠪᠣᠯᠤᠯ᠎ᠠ᠃ ᠡᠨᠡ ᠵᠢᠯ ᠦᠨ ᠪᠠᠶᠠᠷ ᠨᠠᠭᠠᠳᠤᠮ ᠵᠣᠬᠢᠶᠠᠨ ᠪᠠᠶᠢᠭᠤᠯᠤᠯᠲᠠ ᠰᠠᠶᠢᠲᠠᠢ ᠪᠣᠯᠤᠭᠰᠠᠨ᠃ ᠨᠠᠭᠠᠳᠤᠮᠴᠢᠨ ᠣᠯᠠᠨ ᠤ ᠰᠡᠳᠬᠢᠭᠳᠡᠯ ᠥᠨᠳᠥᠷ᠂ ᠦᠨᠡᠯᠡᠭᠡ ᠭᠠᠶᠢᠭᠤᠢ ᠪᠠᠶᠢᠨ᠎ᠠ᠃ ᠭᠡᠰᠡᠨ ᠴᠤ ᠴᠢᠨᠠᠭᠰᠢᠳᠠ ᠠᠩᠬᠠᠷᠬᠤ ᠰᠠᠨᠠᠯ ᠰᠢᠭᠦᠮᠵᠢᠯᠡᠯ ᠦᠳ ᠢᠷᠡᠭᠰᠡᠭᠡᠷ ᠪᠠᠶᠢᠨ᠎ᠠ᠃ ᠡᠳᠡᠭᠡᠷ ᠢ ᠠᠩᠬᠠᠷᠴᠤ ᠠᠵᠢᠯᠯᠠᠬᠤ ᠬᠡᠷᠡᠭᠲᠡᠢ ᠭᠡᠵᠦ ᠦᠨᠳᠦᠰᠦᠨ ᠦ ᠶᠡᠬᠡ ᠪᠠᠶᠠᠷ ᠨᠠᠭᠠᠳᠤᠮ ᠢ ᠵᠣᠬᠢᠶᠠᠨ ᠪᠠᠶᠢᠭᠤᠯᠬᠤ ᠬᠣᠷᠢᠶᠠᠨ ᠍ ᠤ ᠳᠠᠷᠤᠭ᠎ᠠ ᠥ᠊∙ᠡᠩᠬᠡᠲᠦ᠋ᠪᠰᠢᠨ ᠬᠡᠯᠡᠯ᠎ᠡ᠃ ᠢᠷᠡᠬᠦ ᠵᠢᠯ ᠡᠴᠡ ᠦᠨᠳᠦᠰᠦᠨ ᠦ ᠶᠡᠬᠡ ᠪᠠᠶᠠᠷ ᠨᠠᠭᠠᠳᠤᠮ ᠢ ᠤᠯᠤᠰ ᠣᠷᠣᠨ ᠳᠠᠶᠠᠭᠠᠷ ᠨᠢᠭᠡᠨ ᠵᠡᠷᠭᠡ ᠲᠡᠮᠳᠡᠭᠯᠡᠳᠡᠭ ᠪᠠᠶᠢᠬᠤ᠂ ᠰᠤᠮᠤ᠂ ᠠᠶᠢᠮᠠᠭ ᠤᠨ ᠨᠠᠭᠠᠳᠤᠮ ᠢ ᠨᠢᠭᠡᠨ ᠵᠡᠷᠭᠡ᠂ ᠤᠯᠤᠰ ᠤᠨ ᠪᠠᠶᠠᠷ ᠨᠠᠭᠠᠳᠤᠮ ᠤᠨ ᠡᠳᠦᠷ ᠲᠡᠢ ᠬᠠᠮᠲᠤᠳᠬᠠᠬᠤ ᠨᠢ ᠵᠦᠢᠲᠡᠢ᠃ ᠵᠠᠰᠠᠭ ᠤᠨ ᠭᠠᠵᠠᠷ ᠤᠨ ᠬᠤᠷᠠᠯᠳᠤᠭᠠᠨ ᠳᠤ ᠡᠶᠢᠮᠦ ᠰᠠᠨᠠᠯ ᠣᠷᠣᠭᠤᠯᠤᠨ᠎ᠠ ᠭᠡᠵᠦ ᠰᠢᠳᠠᠷ ᠰᠠᠶᠢᠳ ᠬᠡᠯᠡᠯ᠎ᠡ᠃ ᠮᠥᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠲᠤᠬᠠᠢ ᠬᠠᠤᠯᠢ ᠳᠤ ᠶᠠᠭᠠᠷᠠᠯᠲᠠᠢ ᠥᠭᠡᠷᠡᠴᠢᠯᠡᠯᠲᠡ ᠤᠷᠤᠭᠤᠯᠬᠤ ᠱᠠᠭᠠᠷᠳᠠᠯᠭ᠎ᠠ ᠲᠠᠢ ᠪᠣᠯᠤᠭᠰᠠᠨ ᠲᠤᠯᠠ ᠠᠵᠢᠯ ᠤᠨ ᠬᠡᠰᠡᠭ ᠪᠠᠶᠢᠭᠤᠯᠤᠨ ᠬᠠᠤᠯᠢ ᠶᠢᠨ ᠲᠥᠰᠥᠯ ᠪᠣᠯᠪᠠᠰᠤᠷᠠᠭᠤᠯᠬᠤ ᠶᠢ ᠡᠭᠦᠷᠭᠡ ᠪᠣᠯᠭᠠᠯ᠎ᠠ᠃
ᠦᠨᠳᠦᠰᠦᠨ ᠦ ᠪᠥᠬᠡ ᠶᠢᠨ ᠰᠠᠯᠪᠤᠷᠢ ᠬᠣᠷᠢᠶ᠎ᠠ ᠰᠡᠷᠭᠦᠭᠡᠰᠢ ᠬᠡᠷᠡᠭᠯᠡᠭᠰᠡᠨ ᠨᠢ ᠲᠣᠳᠣᠷᠬᠠᠢ ᠪᠣᠯᠤᠭᠰᠠᠨ ᠪᠥᠬᠡ ᠶᠢᠨ ᠨᠡᠷ᠎ᠡ ᠶᠢ ᠶᠠᠭᠠᠷᠠᠯᠲᠠᠢ ᠵᠠᠷᠯᠠᠬᠤ ᠨᠢ ᠵᠦᠢᠲᠡᠢ ᠭᠡᠵᠦ ᠰᠢᠳᠠᠷ ᠰᠠᠶᠢᠳ ᠬᠡᠯᠡᠯ᠎ᠡ᠃ ᠪᠠᠷᠢᠯᠳᠤᠭᠠᠨ ᠤ ᠳᠥᠷᠪᠡ ᠶᠢᠨ ᠳᠠᠪᠠᠭᠠᠨ ᠳᠤ ᠪᠠᠷᠢᠯᠳᠤᠵᠤ᠂ ᠡᠯᠢᠭᠡ ᠪᠥᠰᠡ ᠪᠡᠨ ᠥᠭᠬᠦ ᠳᠦ ᠪᠡᠨ ᠤᠴᠠᠷᠠᠭ᠎ᠠ ᠪᠥᠬᠡ ᠪᠡᠨ ᠰᠠᠨᠠᠭ᠎ᠠ ᠲᠠᠢ ᠪᠠᠷ ᠲᠣᠬᠣᠶᠢᠯᠳᠠᠵᠤ ᠵᠦᠢ ᠪᠤᠰᠤ ᠦᠢᠯᠡᠳᠦᠯ ᠭᠠᠷᠭᠠᠭᠰᠠᠨ ᠤᠯᠤᠰ ᠤᠨ ᠭᠠᠷᠤᠳᠢ ᠱ ∙ ᠵᠢᠷᠭᠠᠯᠰᠠᠶᠢᠬᠠᠨ ᠳᠤ ᠬᠠᠷᠢᠭᠤᠴᠠᠯᠭ᠎ᠠ ᠲᠣᠭᠠᠴᠠᠬᠤ ᠶᠢ ᠦᠨᠳᠦᠰᠦᠨ ᠦ ᠪᠥᠬᠡ ᠶᠢᠨ ᠰᠠᠯᠪᠤᠷᠢ ᠬᠣᠷᠢᠶᠠᠨ ᠳᠤ ᠳᠠᠭᠠᠭᠠᠯᠭᠠᠯ᠎ᠠ᠃
ᠡ᠊∙ᠣᠶᠤᠨᠪᠣᠯᠣᠳ ᠠᠴᠠ ᠠᠪᠤᠭᠰᠠᠨ ᠳᠡᠭᠡᠵᠢ ᠳᠦ ᠳᠡᠯᠡᠬᠡᠢ ᠶᠢᠨ ᠰᠡᠷᠭᠦᠭᠡᠰᠢ ᠶᠢᠨ ᠡᠰᠡᠷᠭᠦ ᠠᠭᠧᠨᠲᠯᠢᠭ ᠠᠴᠠ ᠭᠠᠷᠭᠠᠭᠰᠠᠨ ︽ᠬᠣᠷᠢᠭᠯᠠᠭᠰᠠᠨ ᠵᠢᠭᠰᠠᠭᠠᠯᠲᠠ 2019︾ ᠍ ᠳᠦ ᠣᠷᠣᠭᠰᠠᠨ S1.1A ᠪᠦᠯᠦᠭ ᠦᠨ ᠰᠲ᠋ᠠᠨᠠᠽᠤᠯ᠂ S4 ᠪᠦᠯᠦᠭ ᠦᠨ ᠮᠧᠯᠳᠣᠨᠢᠭᠤᠮ᠂ S5 ᠪᠦᠯᠦᠭ ᠦᠨ ᠭᠢᠳ᠋ᠷᠤᠾᠯᠤᠷᠲ᠋ᠢᠶᠠᠽᠢᠳ᠋ ᠂ ᠾᠯᠤᠷᠢᠶᠠᠽᠢᠳ᠋ ᠬᠡᠮᠡᠬᠦ ᠳᠥᠷᠪᠡᠨ ᠲᠥᠷᠥᠯ ᠦᠨ ᠪᠣᠳᠠᠰ ᠢᠯᠡᠷᠡᠭᠰᠡᠨ ᠢ ᠦᠨᠳᠦᠰᠦᠨ ᠦ ᠪᠥᠬᠡ ᠶᠢᠨ ᠰᠠᠯᠪᠤᠷᠢ ᠬᠣᠷᠢᠶ᠎ᠠ ᠮᠡᠳᠡᠭᠳᠡᠵᠦ ᠪᠠᠶᠢᠭ᠎ᠠ ᠶᠤᠮ ᠭᠡᠵᠦ ᠵᠠᠰᠠᠭ ᠤᠨ ᠭᠠᠵᠠᠷ ᠤᠨ ᠬᠡᠪᠯᠡᠯ ᠮᠡᠳᠡᠭᠡᠯᠡᠯ᠂ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡ᠃