ᠪᠠᠶᠢᠭᠠᠯᠢ ᠶᠢᠨ ᠪᠠᠶᠠᠯᠢᠭ ᠨᠢ ᠲᠥᠷᠥ ᠶᠢᠨ᠂ ᠨᠡᠶᠢᠲᠡ ᠶᠢᠨ ᠥᠮᠴᠢ ᠭᠡᠵᠦ ᠲᠣᠳᠣᠷᠬᠠᠶᠢᠯᠠᠨ᠎ᠠ  | News.MN

 ᠪᠠᠶᠢᠭᠠᠯᠢ ᠶᠢᠨ ᠪᠠᠶᠠᠯᠢᠭ ᠨᠢ ᠲᠥᠷᠥ ᠶᠢᠨ᠂ ᠨᠡᠶᠢᠲᠡ ᠶᠢᠨ ᠥᠮᠴᠢ ᠭᠡᠵᠦ ᠲᠣᠳᠣᠷᠬᠠᠶᠢᠯᠠᠨ᠎ᠠ 

ᠤᠯᠤᠰ ᠤᠨ ᠶᠡᠬᠡ ᠬᠤᠷᠠᠯ ᠳ᠋ᠡᠬᠢ ᠮᠤᠩᠭᠤᠯ ᠠᠷᠠᠳ ᠤᠨ ᠨᠠᠮ ᠤᠨ ᠪᠦᠯᠦᠭ ᠦᠨ ᠳᠠᠷᠤᠭ᠎ᠠ ᠳ∙ ᠲᠣᠭᠲᠠᠬᠤᠰᠦ᠋ᠷᠦᠩ ᠲᠠᠢ ᠶᠠᠷᠢᠯᠴᠠᠯ᠎ᠠ᠃
– ᠥᠩᠭᠡᠷᠡᠭᠰᠡᠨ ᠪᠠᠰᠠᠩ ᠭᠠᠷᠠᠭ ᠲᠤ ᠲᠦᠷᠦ ᠶᠢᠨ ᠪᠠᠶᠢᠭᠤᠯᠤᠯᠲᠠ ᠶᠢᠨ ᠪᠠᠶᠢᠩᠭᠤ ᠶᠢᠨ᠍ ᠬᠤᠷᠢᠶᠠᠨ ᠤ ᠬᠤᠷᠠᠯᠳᠤᠭᠠᠨ ᠢᠶᠠᠷ᠂ ᠲᠣᠳᠣᠷᠬᠠᠢ ᠠᠰᠠᠭᠤᠳᠠᠯ ᠰᠢᠢᠳᠦᠭᠡ ᠦᠭᠡᠢ ᠥᠨᠳᠥᠷᠯᠡᠭᠰᠡᠨ᠃ ᠮᠤᠩᠭᠤᠯ ᠠᠷᠠᠳ ᠤᠨ ᠨᠠᠮ ᠤᠨ ᠪᠦᠯᠦᠭ ᠦᠨ ᠬᠤᠷᠠᠯᠳᠤᠭᠠᠨ ᠢᠶᠠᠷ ᠡᠯ᠎ᠡ ᠠᠰᠠᠭᠤᠳᠠᠯ ᠢ ᠠᠪᠴᠤ ᠬᠡᠯᠡᠯᠴᠡᠭᠰᠡᠨ ᠦᠦ︖
– ᠲᠦᠷᠦ ᠶᠢᠨ ᠪᠠᠶᠢᠭᠤᠯᠤᠯᠲᠠ ᠶᠢᠨ ᠪᠠᠶᠢᠩᠭᠤ ᠶᠢᠨ᠍ ᠬᠤᠷᠢᠶᠠᠨ  ᠤ ᠬᠤᠷᠠᠯᠳᠤᠭᠠᠨ ᠤ ᠦᠶ᠎ᠡ ᠪᠡᠷ ᠬᠣᠶᠠᠷ ᠠᠰᠠᠭᠤᠳᠠᠯ ᠣᠷᠬᠢᠭᠳᠠᠭᠰᠠᠨ᠃ ᠲᠣᠳᠣᠷᠠᠭᠤᠯᠪᠠᠯ᠂ ᠨᠢᠭᠡ ᠨᠢ ᠪᠠᠶᠢᠭᠠᠯᠢ ᠶᠢᠨ ᠪᠠᠶᠠᠯᠢᠭ ᠨᠢ ᠲᠥᠷᠥ ᠶᠢᠨ ᠥᠮᠴᠢ᠂ ᠡᠰᠡᠪᠡᠯ ᠲᠥᠷᠥ ᠶᠢᠨ ᠂ ᠨᠡᠶᠢᠲᠡ ᠶᠢᠨ ᠥᠮᠴᠢ ᠭᠡᠵᠦ ᠲᠣᠮᠢᠶᠠᠯᠠᠬᠤ ᠠᠰᠠᠭᠤᠳᠠᠯ ᠢ ᠬᠥᠨᠳᠡᠭᠰᠡᠨ᠃ ᠨᠥᠭᠥᠭᠡ ᠨᠢ ᠰᠢᠭᠦᠬᠦ ᠶᠢᠨ ᠶᠡᠷᠦᠩᠬᠡᠢ ᠵᠥᠪᠯᠡᠯ ᠲᠡᠢ ᠬᠣᠯᠪᠣᠭ᠎ᠠ ᠲᠠᠢ 49.5 ᠳ᠋ᠡᠬᠢ ᠵᠢᠭᠠᠯᠲᠠ ᠪᠠᠶᠢᠪᠠ᠃ ᠮᠤᠩᠭᠤᠯ ᠠᠷᠠᠳ

ᠤᠨ ᠨᠠᠮ ᠤᠨ ᠪᠦᠯᠦᠭ ᠥᠨᠥᠳᠥᠷ ᠬᠤᠷᠠᠯᠳᠤᠵᠤ᠂ ᠳᠡᠭᠡᠷᠡᠬᠢ ᠬᠣᠶᠠᠷ ᠠᠰᠠᠭᠤᠳᠠᠯ ᠢᠶᠠᠷ ᠡᠴᠦᠰ ᠦᠨ ᠰᠢᠢᠳᠪᠦᠷᠢ ᠭᠠᠷᠭᠠᠯ᠎ᠠ᠃ ᠤᠯᠤᠰ ᠤᠨ ᠶᠡᠬᠡ ᠬᠤᠷᠠᠯ ᠤᠨ 62 ᠭᠡᠰᠢᠭᠦᠨ ᠦ ᠡᠷᠭᠦᠨ ᠮᠡᠳᠡᠭᠦᠯᠦᠭᠰᠡᠨ ᠲᠥᠰᠥᠯ ᠳᠦ ᠪᠠᠶᠢᠭᠠᠯᠢ ᠶᠢᠨ ᠪᠠᠶᠠᠯᠢᠭ ᠨᠢ ᠲᠥᠷᠥ ᠶᠢᠨ ᠥᠮᠴᠢ ᠭᠡᠵᠦ ᠪᠠᠶᠢᠭᠰᠠᠨ ᠪᠣᠯ᠂ ᠶᠡᠷᠦᠩᠬᠡᠶᠢᠯᠡᠭᠴᠢ ᠶᠢᠨ ᠰᠠᠨᠠᠯ ᠪᠣᠯᠭᠠᠭᠰᠠᠨ ᠢᠶᠠᠷ᠂  ᠪᠠᠶᠢᠭᠠᠯᠢ ᠶᠢᠨ ᠪᠠᠶᠠᠯᠢᠭ ᠢ ᠲᠥᠷᠥ ᠶᠢᠨ᠂ ᠨᠡᠶᠢᠲᠡ ᠶᠢᠨ ᠥᠮᠴᠢ ᠪᠠᠶᠢᠬᠤ ᠨᠢ ᠵᠥᠪ ᠭᠡᠵᠦ ᠦᠵᠡᠯ᠎ᠡ᠃
– ᠲᠥᠷᠥ ᠶᠢᠨ᠂ ᠨᠡᠶᠢᠲᠡ ᠶᠢᠨ ᠥᠮᠴᠢ ᠭᠡᠵᠦ ᠲᠣᠮᠢᠶᠠᠯᠠᠬᠤ ᠨᠢ ᠬᠢᠷᠢ ᠣᠨᠣᠪᠴᠢᠲᠠᠢ ᠪᠤᠢ᠃ ᠪᠠᠷᠠᠭᠤᠨ ᠤ ᠣᠷᠣᠨ ᠨᠤᠭᠤᠳ ᠲᠤ ᠡᠳ᠋ ᠵᠦᠢᠯ ᠭᠡᠳᠡᠭ ᠠᠭᠤᠯᠭ᠎ᠠ ᠪᠠᠷ ᠲᠣᠮᠢᠶᠠᠯᠠᠭᠰᠠᠨ ᠲᠤᠷᠰᠢᠯᠭ᠎ᠠ ᠪᠠᠶᠢᠨ᠎ᠠ︖
– ᠣᠳᠣ ᠶᠢᠨ ᠢᠷᠭᠡᠨ ᠦ ᠬᠠᠤᠯᠢ᠂ ᠲᠥᠷᠥ ᠶᠢᠨ ᠪᠣᠯᠤᠨ ᠣᠷᠣᠨ ᠨᠤᠲᠤᠭ ᠤᠨ ᠥᠮᠴᠢ ᠶᠢᠨ ᠲᠤᠬᠠᠢ ᠬᠠᠤᠯᠢ ᠳᠤ ᠲᠣᠳᠣᠷᠬᠠᠢ ᠵᠢᠭᠠᠭᠰᠠᠨ ᠪᠠᠶᠢᠨ᠎ᠠ᠃ ᠢᠩᠭᠢᠬᠦ ᠳᠦ ᠪᠡᠨ᠂ ᠲᠥᠷᠥ ᠶᠢᠨ ᠥᠮᠴᠢ ᠶᠢ ᠳᠣᠲᠣᠷ᠎ᠠ ᠨᠢ ᠬᠣᠶᠠᠷ ᠠᠩᠭᠢᠯᠠᠭᠰᠠᠨ᠃ ᠨᠢᠭᠡ ᠨᠢ ᠥᠪᠡᠷ ᠦᠨ ᠥᠮᠴᠢ ᠪᠤᠶᠤ ᠰᠠᠨᠳᠠᠯᠢ᠂ ᠰᠢᠷᠡᠭᠡ ᠭᠡᠬᠦ ᠵᠡᠷᠭᠡ ᠵᠠᠬᠢᠷᠤᠨ ᠵᠠᠷᠤᠴᠠᠭᠤᠯᠬᠤ ᠵᠦᠢᠯ᠃ ᠬᠣᠶᠠᠷ ᠲᠤ᠂ ᠲᠥᠷᠥ ᠶᠢᠨ᠂ ᠨᠡᠶᠢᠲᠡ ᠶᠢᠨ ᠥᠮᠴᠢ ᠪᠤᠶᠤ ᠪᠠᠶᠢᠭᠠᠯᠢ ᠶᠢᠨ ᠪᠠᠶᠠᠯᠢᠭ᠂ ᠠᠭᠤᠯᠠ᠂ ᠤᠰᠤ᠂ ᠤᠷᠭᠤᠮᠠᠯ᠂  ᠠᠩ ᠠᠮᠢᠲᠠᠨ᠂ ᠣᠢ ᠵᠡᠷᠭᠡ  ᠪᠠᠭᠲᠠᠬᠤ ᠶᠤᠮ᠃ ᠨᠡᠶᠢᠲᠡ ᠶᠢᠨ ᠥᠮᠴᠢ ᠶᠢ ᠵᠠᠬᠢᠷᠤᠨ ᠵᠠᠷᠤᠴᠠᠭᠤᠯᠬᠤ ᠡᠷᠬᠡ ᠨᠢ ᠬᠡᠳᠦᠢ ᠲᠥᠷᠥ ᠳᠦ ᠪᠠᠶᠢᠭ᠎ᠠ ᠴᠤ ᠢᠷᠭᠡᠳ ᠦᠨ ᠢᠶᠡᠨ ᠰᠠᠨᠠᠯ ᠢᠶᠠᠷ ᠰᠢᠢᠳᠳᠡᠭ ᠪᠠᠶᠢᠬᠤ ᠲᠣᠭᠲᠠᠯᠴᠠᠭ᠎ᠠ ᠶᠢ ᠪᠦᠷᠢᠳᠦᠭᠦᠯᠬᠦ ᠡᠭᠦᠳᠡᠨ ᠡᠴᠡ ᠪᠠᠶᠢᠭᠠᠯᠢ ᠶᠢᠨ ᠪᠠᠶᠠᠯᠢᠭ ᠨᠢ ᠲᠥᠷᠥ ᠶᠢᠨ᠂ ᠨᠡᠶᠢᠲᠡ ᠶᠢᠨ ᠥᠮᠴᠢ ᠭᠡᠵᠦ ᠲᠣᠮᠢᠶᠠᠯᠠᠵᠤ ᠪᠠᠶᠢᠨ᠎ᠠ᠃
– ᠪᠠᠶᠢᠭᠠᠯᠢ ᠶᠢᠨ ᠪᠠᠶᠠᠯᠢᠭ ᠢ ᠰᠢᠭᠤᠳ ᠨᠡᠶᠢᠲᠡ ᠶᠢᠨ ᠥᠮᠴᠢ ᠭᠡᠵᠦ ᠲᠣᠳᠣᠷᠬᠠᠶᠢᠯᠠᠵᠤ ᠶᠠᠭᠠᠬᠢᠭᠠᠳ ᠪᠣᠯᠬᠤ ᠦᠭᠡᠢ ᠪᠤᠢ ︖
– ᠨᠡᠶᠢᠲᠡ ᠶᠢᠨ ᠥᠮᠴᠢ ᠭᠡᠳ ᠲᠣᠳᠣᠷᠬᠠᠶᠢᠯᠠᠪᠠᠯ᠂ ᠢᠷᠭᠡᠨ ᠶᠠᠮᠠᠷ ᠴᠤ ᠵᠥᠪᠰᠢᠶᠡᠷᠡᠯ ᠦᠭᠡᠢ  ᠪᠠᠶᠢᠭᠠᠯᠢ ᠶᠢᠨ ᠪᠠᠶᠠᠯᠢᠭ ᠢ ᠵᠠᠬᠢᠷᠤᠨ ᠵᠠᠷᠤᠴᠠᠭᠤᠯᠬᠤ ᠡᠷᠬᠡ ᠲᠡᠢ ᠪᠣᠯᠤᠨ᠎ᠠ᠃ ᠡᠩ ᠦᠨ ᠬᠢ ᠪᠡᠷ ᠬᠡᠯᠡᠬᠦ ᠳᠦ᠂  ︽ᠨᠢᠩᠵᠠ︾ ᠨᠠᠷ ᠲᠤ ᠭᠠᠵᠠᠷ ᠤᠨ ᠬᠡᠪᠡᠯᠢ ᠶᠢ ᠤᠬᠤᠬᠤ ᠡᠷᠬᠡ ᠣᠯᠭᠤᠵᠤ ᠪᠠᠶᠢᠨ᠎ᠠ ᠭᠡᠰᠡᠨ ᠦᠭᠡ᠃ ᠳᠡᠭᠡᠷᠡᠬᠢ ᠵᠣᠬᠢᠴᠠᠭᠤᠯᠤᠯᠲᠠ ᠨᠢ ᠲᠥᠷᠥ ᠯᠢᠼᠸᠨᠵ ᠢᠶᠡᠨ ᠥᠭᠭᠦᠭᠡᠳ᠂ ᠬᠢᠨᠠᠵᠤ ᠠᠵᠢᠯᠯᠠᠨ᠎ᠠ ᠭᠡᠰᠡᠨ ᠠᠭᠤᠯᠭ᠎ᠠ ᠲᠠᠢ ᠶᠤᠮ᠃

ᠰᠡᠳᠬᠢᠭᠳᠡᠯ ᠦᠯᠡᠳᠡᠭᠡᠬᠦ