ᠲᠠᠲᠠᠪᠤᠷᠢ ᠶᠢᠨ ᠣᠷᠣᠯᠭ᠎ᠠ 5.5 ᠶᠡᠬᠡ ᠨᠠᠶᠤᠳ ᠲᠥᠭᠥᠷᠢᠭ ᠲᠦ ᠬᠦᠷᠴᠡᠢ  | News.MN

ᠲᠠᠲᠠᠪᠤᠷᠢ ᠶᠢᠨ ᠣᠷᠣᠯᠭ᠎ᠠ 5.5 ᠶᠡᠬᠡ ᠨᠠᠶᠤᠳ ᠲᠥᠭᠥᠷᠢᠭ ᠲᠦ ᠬᠦᠷᠴᠡᠢ 

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠡᠴᠡ ᠮᠡᠳᠡᠭᠡᠯᠡᠭᠰᠡᠨ ᠢᠶᠡᠷ ᠡᠨᠡ ᠣᠨ ᠤ ᠡᠬᠢᠨ ᠦ 7 ᠰᠠᠷ᠎ᠠ ᠳᠤ ᠲᠠᠲᠠᠪᠤᠷᠢ ᠶᠢᠨ ᠣᠷᠣᠯᠭ᠎ᠠ 5.5 ᠶᠡᠬᠡ ᠨᠠᠶᠤᠳ ᠲᠥᠭᠥᠷᠢᠭ ᠲᠦ ᠬᠦᠷᠴᠡᠢ᠃ ᠲᠣᠳᠣᠷᠠᠭᠤᠯᠪᠠᠯ᠂ ᠥᠩᠭᠡᠷᠡᠭᠰᠡᠨ ᠣᠨ ᠤ ᠮᠥᠨ ᠦᠶ᠎ᠡ ᠶᠢᠨ ᠬᠢ ᠡᠴᠡ 982.9 ᠲᠡᠷᠪᠤᠮ ᠲᠥᠭᠥᠷᠢᠭ ᠢᠶᠡᠷ ᠥᠰᠦᠭᠰᠡᠨ ᠦᠵᠡᠭᠦᠯᠦᠯᠲᠡ ᠶᠤᠮ᠃ ᠡᠭᠦᠨ ᠳᠦ ᠣᠷᠣᠯᠭ᠎ᠠ ᠶᠢᠨ ᠠᠯᠪᠠᠨ ᠲᠠᠲᠠᠪᠤᠷᠢ 357.9 ᠲᠡᠷᠪᠤᠮ ᠲᠥᠭᠥᠷᠢᠭ ᠢᠶᠡᠷ᠂ ᠨᠡᠶᠢᠭᠡᠮ ᠤᠨ ᠳᠠᠭᠠᠳᠬᠠᠯ ᠤᠨ ᠣᠷᠣᠯᠭ᠎ᠠ 238.9 ᠲᠡᠷᠪᠤᠮ ᠲᠥᠭᠥᠷᠢᠭ ᠢᠶᠡᠷ᠂ ᠨᠡᠮᠡᠭᠳᠡᠭᠰᠡᠨ ᠥᠷᠲᠡᠭ ᠦᠨ ᠠᠯᠪᠠᠨ ᠲᠠᠲᠠᠪᠤᠷᠢ 143.4 ᠲᠡᠷᠪᠤᠮ ᠲᠥᠭᠥᠷᠢᠭ ᠢᠶᠡᠷ ᠥᠰᠦᠭᠰᠡᠨ ᠨᠢ ᠨᠥᠯᠦᠭᠡᠯᠡᠵᠡᠢ᠃ ᠪᠤᠰᠤᠳ ᠲᠠᠲᠠᠪᠤᠷᠢ ᠬᠤᠷᠢᠶᠠᠮᠵᠢ ᠶᠢᠨ ᠣᠷᠣᠯᠭ᠎ᠠ 97.8 ᠲᠡᠷᠪᠤᠮ ᠲᠥᠭᠥᠷᠢᠭ ᠢᠶᠡᠷ᠂ ᠣᠨᠴᠠᠭᠠᠢ ᠠᠯᠪᠠᠨ ᠲᠠᠲᠠᠪᠤᠷᠢ 91.3 ᠲᠡᠷᠪᠤᠮ ᠲᠥᠭᠥᠷᠢᠭ ᠢᠶᠡᠷ᠂ ᠭᠠᠳᠠᠭᠠᠳᠤ ᠦᠢᠯᠡ ᠠᠵᠢᠯᠯᠠᠭᠠᠨ ᠤ ᠣᠷᠣᠯᠭ᠎ᠠ 72.3 ᠲᠡᠷᠪᠤᠮ ᠲᠥᠭᠥᠷᠢᠭ ᠢᠶᠡᠷ ᠥᠰᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ