ᠮᠠᠯ ᠤᠨ ᠶᠠᠰᠤ ᠳᠤᠷ᠎ᠠ ᠪᠡᠷ ᠬᠠᠶᠠᠭᠰᠠᠨ ᠢᠷᠭᠡᠨ ᠳᠦ ᠬᠠᠷᠢᠭᠤᠴᠠᠯᠭ᠎ᠠ ᠲᠣᠭᠠᠴᠠᠵᠠᠢ  | News.MN

ᠮᠠᠯ ᠤᠨ ᠶᠠᠰᠤ ᠳᠤᠷ᠎ᠠ ᠪᠡᠷ ᠬᠠᠶᠠᠭᠰᠠᠨ ᠢᠷᠭᠡᠨ ᠳᠦ ᠬᠠᠷᠢᠭᠤᠴᠠᠯᠭ᠎ᠠ ᠲᠣᠭᠠᠴᠠᠵᠠᠢ 

︽ᠢᠷᠭᠡᠨ ᠲᠥᠪ ᠲᠡᠢ ᠲᠥᠷᠥ ᠶᠢᠨ ᠦᠢᠯᠡᠴᠢᠯᠡᠭᠡ 2019︾ ᠠᠶᠠᠨ ᠤ ᠬᠦᠷᠢᠶᠡᠨ ᠳᠦ  ᠴᠡᠩᠭᠡᠯᠲᠡᠢ ᠳᠡᠭᠦᠷᠭᠡ ᠶᠢᠨ 12 ᠳ᠋ᠤᠭᠠᠷ ᠬᠣᠷᠢᠶᠠᠨ ᠤ ᠢᠷᠭᠡᠳ ᠡᠴᠡ ᠲᠤᠰ ᠬᠣᠷᠢᠶᠠᠨ ᠳᠤ ᠪᠠᠶᠢᠷᠢᠯᠠᠬᠤ ᠠᠶᠢᠯ ᠨᠢ ᠮᠠᠯ ᠤᠨ ᠲᠣᠯᠣᠭᠠᠢ ᠱᠤᠯᠤᠵᠤ ᠣᠷᠴᠢᠨ ᠢ ᠪᠤᠬᠢᠷᠳᠤᠭᠤᠯᠵᠤ ᠪᠠᠶᠢᠨ᠎ᠠ ᠭᠡᠰᠡᠨ ᠭᠣᠮᠣᠳᠠᠯ ᠤᠨ ᠳᠠᠭᠠᠤ ᠳᠡᠭᠦᠷᠭᠡ ᠶᠢᠨ ᠬᠤᠳᠠᠯᠳᠤᠭ᠎ᠠ᠂ ᠦᠢᠯᠡᠴᠢᠯᠡᠭᠡᠨ ᠦ ᠬᠡᠯᠲᠡᠰ᠂ ᠣᠨᠴᠠᠭᠠᠢ ᠪᠠᠶᠢᠳᠠᠯ ᠤᠨ ᠬᠡᠯᠲᠡᠰ᠂ ᠴᠠᠭᠳᠠᠭ᠎ᠠ ᠶᠢᠨ ᠬᠡᠯᠲᠡᠰ ᠲᠡᠢ ᠬᠠᠮᠲᠤᠷᠠᠨ ᠬᠢᠨᠠᠯᠲᠠ ᠰᠢᠯᠭᠠᠯᠲᠠ ᠬᠢᠵᠡᠢ᠃
ᠬᠢᠨᠠᠯᠲᠠ ᠰᠢᠯᠭᠠᠯᠲᠠ ᠪᠠᠷ ᠢᠷᠭᠡᠨ ᠣ᠊ ᠨᠢ ᠠᠵᠢᠯᠴᠢᠳ ᠤᠨ ᠠᠵᠢᠯ ᠤᠨ ᠪᠠᠶᠢᠷᠢᠨ ᠤ ᠡᠷᠡᠭᠦᠯ ᠠᠬᠤᠢ ᠶᠢᠨ ᠨᠥᠬᠥᠴᠡᠯ ᠱᠠᠭᠠᠷᠳᠠᠯᠭ᠎ᠠ ᠶᠢ ᠬᠠᠩᠭᠠᠭ᠎ᠠ ᠦᠭᠡᠢ᠂ ᠭᠠᠳᠠᠨ᠎ᠠ ᠤᠷᠴᠢᠨ ᠳᠤ ᠮᠠᠯ ᠤᠨ ᠶᠠᠰᠤ ᠶᠡᠬᠡ ᠬᠡᠮᠵᠢᠶ᠎ᠡ ᠪᠡᠷ ᠬᠠᠶᠠᠵᠤ ᠣᠷᠴᠢᠨ ᠢ ᠪᠤᠬᠢᠷᠳᠤᠭᠤᠯᠤᠭᠰᠠᠨ ᠵᠥᠷᠢᠴᠡᠯ ᠢ ᠢᠯᠡᠷᠡᠭᠦᠯᠵᠡᠢ᠃ ᠢᠯᠡᠷᠡᠭᠰᠡᠨ ᠵᠦᠷᠢᠴᠡᠯ ᠳᠦ ᠮᠡᠷᠭᠡᠵᠢᠯ ᠦᠨ ᠪᠠᠶᠢᠭᠤᠯᠤᠯᠭ᠎ᠠ ᠨᠤᠭᠤᠳ ︽ᠮᠣᠩᠭᠣᠯ ᠤᠯᠤᠰ ᠤᠨ ᠵᠥᠷᠢᠴᠡᠯ ᠦᠨ ᠲᠤᠬᠠᠢ︾ ᠬᠠᠤᠯᠢ ᠶᠢᠨ ᠳᠠᠭᠠᠤ ᠰᠢᠢᠳᠭᠡᠯ ᠨᠣᠭᠳᠠᠭᠤᠯᠵᠤ᠂  ᠵᠦᠷᠢᠴᠡᠯ ᠦᠨ ᠦᠷ᠎ᠡ ᠳᠠᠭᠠᠪᠤᠷᠢ ᠶᠢ ᠠᠷᠢᠯᠭᠠᠭᠤᠯᠬᠤ ᠲᠠᠯ᠎ᠠ ᠪᠠᠷ ᠠᠯᠪᠠᠨ ᠳᠠᠭᠠᠭᠠᠯᠭᠠᠪᠤᠷᠢ ᠥᠭᠭᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ