ᠪᠠᠷᠠᠭᠤᠨ ᠠᠶᠢᠮᠠᠭ ᠤᠳ ᠢ ᠬᠤᠯᠪᠤᠬᠤ ᠵᠠᠮ ᠠᠰᠢᠭᠯᠠᠯᠲᠠ ᠳᠤ ᠣᠷᠣᠯ᠎ᠠ  | News.MN

ᠪᠠᠷᠠᠭᠤᠨ ᠠᠶᠢᠮᠠᠭ ᠤᠳ ᠢ ᠬᠤᠯᠪᠤᠬᠤ ᠵᠠᠮ ᠠᠰᠢᠭᠯᠠᠯᠲᠠ ᠳᠤ ᠣᠷᠣᠯ᠎ᠠ 

ᠪᠠᠶᠠᠨᠬᠣᠩᠭᠣᠷ ᠠᠶᠢᠮᠠᠭ ᠤᠨ ᠲᠥᠪ ᠡᠴᠡ ᠪᠠᠶᠢᠳᠠᠷᠠᠭ ᠤᠨ ᠭᠦᠭᠦᠷᠭᠡ ᠬᠦᠷᠲᠡᠯᠡᠬᠢ 129.4 ᠺᠢᠯᠣᠮᠧᠲ᠋ᠷ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠠᠰᠢᠭᠯᠠᠯᠲᠠ ᠳᠤ ᠣᠷᠣᠯ᠎ᠠ᠃ ᠳᠡᠭᠡᠷᠡᠬᠢ ᠪᠦᠲᠦᠭᠡᠨ ᠪᠠᠶᠢᠭᠤᠯᠤᠯᠲᠠ ᠨᠢ ᠵᠠᠰᠠᠭ ᠤᠨ ᠭᠠᠵᠠᠷ ᠤᠨ 2020 ᠣᠨ ᠬᠦᠷᠲᠡᠯᠡᠬᠢ ᠦᠢᠯᠡ ᠠᠵᠢᠯᠯᠠᠭᠠᠨ ᠤ ᠬᠥᠲᠥᠯᠪᠦᠷᠢ ᠪᠣᠯᠤᠨ ᠠᠶᠢᠮᠠᠭ ᠤᠨ ᠲᠥᠪ ᠦᠳ ᠢ ᠨᠡᠶᠢᠰᠯᠡᠯ ᠬᠣᠲᠠ ᠲᠠᠢ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠢᠶᠠᠷ ᠬᠤᠯᠪᠤᠬᠤ ᠠᠵᠢᠯ ᠤᠨ ᠨᠢᠭᠡ ᠬᠡᠰᠡᠭ ᠶᠤᠮ᠃ ᠳᠡᠭᠡᠷᠡᠬᠢ ᠵᠠᠮ ᠤᠨ ᠪᠦᠲᠦᠭᠡᠨ ᠪᠠᠶᠢᠭᠤᠯᠤᠯᠲᠠ ᠴᠠᠰᠢ ᠦᠷᠭᠦᠯᠵᠢᠯᠡᠵᠦ᠂ ᠭᠣᠪᠢ-ᠠᠯᠲᠠᠢ ᠠᠶᠢᠮᠠᠭ ᠤᠨ ᠴᠢᠭᠯᠡᠯ ᠳᠦ ᠬᠣᠯᠪᠣᠭᠳᠠᠨ᠎ᠠ ᠭᠡᠳᠡᠭ ᠢ ᠵᠠᠮ ᠲᠡᠭᠡᠭᠡᠪᠤᠷᠢ ᠶᠢᠨ ᠍ ᠰᠠᠶᠢᠳ ᠪ∙ᠡᠩᠬᠡ-ᠠᠮᠤᠭᠤᠯᠠᠩ ᠬᠡᠯᠡᠵᠦ ᠪᠠᠶᠢᠨ᠎ᠠ᠃
ᠵᠠᠮ ᠤᠨ ᠶᠡᠷᠦᠩᠬᠡᠢ ᠭᠦᠢᠴᠡᠳᠬᠡᠭᠴᠢ ᠪᠡᠷ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ  ︽ᠱᠠᠩᠬᠠᠢ ᠺᠤᠨᠰᠲᠷᠠᠺᠱᠢᠨ︾ ᠭᠷᠦ᠋ᠫ ᠂ ᠲᠤᠰᠠᠯᠠᠨ ᠭᠦᠢᠴᠡᠳᠬᠡᠭᠴᠢ ᠪᠡᠷ ᠮᠣᠩᠭᠣᠯ ᠤᠨ ᠳᠥᠷᠪᠡᠨ ᠺᠣᠮᠫᠠᠨᠢ ᠣᠷᠣᠯᠴᠠᠨ ᠮᠢᠩᠭ᠎ᠠ ᠭᠠᠷᠤᠢ ᠬᠦᠮᠦᠨ ᠵᠢᠯ ᠭᠠᠷᠤᠢ ᠬᠤᠭᠤᠴᠠᠭᠠᠨ ᠳᠤ ᠠᠵᠢᠯᠯᠠᠵᠠᠢ᠃ ᠪᠦᠲᠦᠭᠡᠨ ᠪᠠᠶᠢᠭᠤᠯᠤᠯᠲᠠ ᠶᠢᠨ ᠠᠵᠢᠯ ᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ  ︽ᠡᠺᠽᠢᠮ︾ ᠪᠠᠩᠬᠢᠨ ᠤ 56.7 ᠰᠠᠶ᠎ᠠ ᠳ᠋ᠣᠯᠯᠠᠷ ᠤᠨ ᠬᠥᠩᠭᠡᠯᠡᠯᠲᠡ ᠲᠡᠢ ᠵᠢᠭᠡᠯᠡ ᠪᠡᠷ ᠬᠢᠵᠦ ᠭᠦᠢᠴᠡᠳᠭᠡᠭᠡᠳ ᠪᠠᠶᠢᠨ᠎ᠠ᠃ ᠳᠡᠭᠡᠷᠡᠬᠢ ᠵᠠᠮ ᠢ ᠡᠮᠦᠨ᠎ᠡ ᠨᠢ ᠵᠢᠯᠣᠭᠣᠴᠢ ᠨᠠᠷ 5-6 ᠴᠠᠭ ᠲᠤᠭᠤᠯᠳᠠᠭ ᠪᠠᠶᠢᠯ᠎ᠠ᠃

ᠰᠡᠳᠬᠢᠭᠳᠡᠯ ᠦᠯᠡᠳᠡᠭᠡᠬᠦ