ᠪᠠᠶᠠᠨ-ᠥᠯᠥᠭᠡᠢ ᠶᠢᠨ ᠬᠢᠨ ᠪᠥᠰᠡ ᠶᠢᠨ ᠤᠷᠤᠯᠳᠤᠭᠠᠨ ᠳᠤ ᠲᠦᠷᠦᠭᠦᠯᠡᠪᠡ  | News.MN

ᠪᠠᠶᠠᠨ-ᠥᠯᠥᠭᠡᠢ ᠶᠢᠨ ᠬᠢᠨ ᠪᠥᠰᠡ ᠶᠢᠨ ᠤᠷᠤᠯᠳᠤᠭᠠᠨ ᠳᠤ ᠲᠦᠷᠦᠭᠦᠯᠡᠪᠡ 

ᠪᠠᠶᠠᠨ-ᠥᠯᠥᠭᠡᠢ ᠠᠶᠢᠮᠠᠭ ᠤᠨ ᠳᠤᠭᠤᠢ ᠶᠢᠨ ᠲᠠᠮᠢᠷᠴᠢᠳ ᠡᠨᠡ ᠰᠠᠷ᠎ᠠ ᠶᠢᠨ 13-15 ᠍ ᠤ ᠬᠣᠭᠣᠷᠣᠨᠳᠣ ᠬᠣᠪᠳᠣ ᠠᠶᠢᠮᠠᠭ ᠲᠤ ᠪᠣᠯᠤᠭᠰᠠᠨ ︽ ᠠᠭᠤᠯᠠ ᠶᠢᠨ ᠳᠤᠭᠤᠢ ᠶᠢᠨ ᠠᠩᠬᠠᠳᠤᠭᠠᠷ ᠪᠤᠤᠬᠢᠶ᠎ᠠ ᠲᠡᠮᠡᠴᠡᠭᠡᠨ︾ ᠍ ᠳᠦ ᠠᠪᠤᠷᠭᠤ ᠶᠢᠨ ᠠᠯᠲᠠᠨ ᠮᠧᠳᠠᠯ ᠬᠦᠷᠲᠡᠯ᠎ᠡ᠃ ᠲᠡᠮᠡᠴᠡᠭᠡᠨ ᠢ  ︽ᠮᠣᠩᠭᠣᠯ ᠠᠯᠲᠠᠢ︾ ᠳᠤᠭᠤᠢ ᠶᠢᠨ ᠬᠣᠯᠪᠣᠭᠠᠨ ᠠᠴᠠ ᠪᠤᠤᠬᠢᠶ᠎ᠠ ᠪᠠ ᠺᠷᠣᠰᠰ ᠭᠡᠰᠡᠨ ᠬᠣᠶᠠᠷ ᠲᠥᠷᠥᠯ ᠢᠶᠡᠷ ᠵᠣᠬᠢᠶᠠᠨ ᠪᠠᠶᠢᠭᠤᠯᠤᠭᠰᠠᠨ ᠪᠥᠭᠡᠳ ᠪᠠᠷᠠᠭᠤᠨ ᠠᠶᠢᠮᠠᠭ ᠤᠳ ᠠᠴᠠ 12 ᠪᠠᠭ ᠣᠷᠣᠯᠴᠠᠵᠠᠢ᠃
ᠲᠠᠮᠢᠷᠴᠢᠳ ᠬᠣᠪᠳᠣ ᠬᠣᠲᠠ ᠠᠴᠠ ᠲᠤᠰ ᠠᠶᠢᠮᠠᠭ ᠤᠨ ᠪᠤᠯᠠᠭᠠᠨ ᠰᠤᠮᠤ ᠴᠢᠭᠯᠡᠯ ᠦᠨ 450 ᠺᠢᠯᠣᠮᠧᠲ᠋ᠷ ᠵᠠᠮ ᠳᠤ ᠬᠤᠷᠳᠤ ᠬᠦᠴᠦ ᠪᠡᠨ ᠰᠣᠷᠢᠨ ᠥᠷᠢᠰᠦᠯᠳᠦᠭᠰᠡᠨ ᠡᠴᠡ ᠪᠠᠶᠠᠨ-ᠥᠯᠥᠭᠡᠢ ᠠᠶᠢᠮᠠᠭ ᠤᠨ ᠲᠠᠮᠢᠷᠴᠢᠳ ᠳᠡᠭᠡᠷᠡᠬᠢ ᠵᠠᠮ ᠢ 12 ᠴᠠᠭ 40 ᠮᠢᠨᠦ᠋ᠲ ᠲᠤ ᠲᠤᠭᠤᠯᠤᠭᠰᠠᠨ ᠠᠮᠵᠢᠯᠲᠠ ᠭᠠᠷᠭᠠᠭᠰᠠᠨ ᠶᠤᠮ᠃ ᠬᠠᠷᠢᠨ ᠤᠳᠠᠭᠠᠬᠢ ᠪᠠᠶᠢᠷᠢ ᠨᠤᠭᠤᠳ ᠲᠤ ᠤᠪᠰᠤ ᠂ ᠬᠣᠪᠳᠣ ᠠᠶᠢᠮᠠᠭ ᠤᠨ ᠲᠠᠮᠢᠷᠴᠢᠳ ᠰᠢᠯᠭᠠᠷᠠᠪᠠ᠃

ᠰᠡᠳᠬᠢᠭᠳᠡᠯ ᠦᠯᠡᠳᠡᠭᠡᠬᠦ