ᠣ᠊∙ᠪᠠᠶᠠᠨᠳᠠᠯᠠᠢ ᠬᠠᠰᠠᠭᠰᠲ᠋ᠠᠨ ᠳᠤ ᠳᠤᠭᠤᠢ ᠪᠠᠷ ᠠᠶᠠᠯᠠᠨ᠎ᠠ  | News.MN

ᠣ᠊∙ᠪᠠᠶᠠᠨᠳᠠᠯᠠᠢ ᠬᠠᠰᠠᠭᠰᠲ᠋ᠠᠨ ᠳᠤ ᠳᠤᠭᠤᠢ ᠪᠠᠷ ᠠᠶᠠᠯᠠᠨ᠎ᠠ 

ᠪᠠᠶᠠᠨ-ᠥᠯᠥᠭᠡᠢ ᠠᠶᠢᠮᠠᠭ ᠤᠨ ᠠᠯᠲᠠᠨᠴᠦ᠋ᠭᠦᠴᠡ ᠰᠤᠮᠤ ᠶᠢᠨ ᠢᠷᠭᠡᠨ ᠣ᠊∙ᠪᠠᠶᠠᠨᠳᠠᠯᠠᠢ ᠥᠩᠭᠡᠷᠡᠭᠰᠡᠨ ᠰᠠᠷ᠎ᠠ ᠶᠢᠨ 21 ᠍ ᠦ ᠡᠳᠦᠷ ᠮᠣᠩᠭᠣᠯ ᠣᠷᠣᠨ ᠢ ᠤᠨᠤᠳᠠᠭ ᠳᠤᠭᠤᠢ ᠪᠠᠷ ᠲᠣᠭᠣᠷᠢᠨ ᠠᠶᠠᠯᠠᠬᠤ ᠠᠶᠠᠯᠠᠯ ᠢᠶᠠᠨ ᠠᠮᠵᠢᠯᠲᠠ ᠲᠠᠢ ᠳᠠᠭᠤᠰᠬᠠᠭᠰᠠᠨ ᠪᠢᠯᠡ᠃ ᠬᠣᠶᠠᠷ ᠰᠠᠷ᠎ᠠ 11 ᠬᠣᠨᠣᠭ ᠤᠨ ᠬᠤᠭᠤᠴᠠᠭᠠᠨ ᠳᠤ ᠨᠡᠶᠢᠲᠡ 6300 ᠺᠢᠯᠣᠮᠧᠲ᠋ᠷ ᠵᠠᠮ ᠲᠤᠭᠤᠯᠵᠤ ᠂ 21 ᠠᠶᠢᠮᠠᠭ ᠢ ᠪᠦᠲᠦᠨ ᠲᠣᠭᠣᠷᠢᠭᠰᠠᠨ ᠲᠡᠷᠡ ᠪᠡᠷ ᠢᠷᠡᠬᠦ ᠳᠣᠯᠣᠭ᠎ᠠ ᠬᠣᠨᠣᠭ ᠠᠴᠠ ᠪᠦᠭᠦᠳᠡ ᠨᠠᠶᠢᠷᠠᠮᠳᠠᠬᠤ ᠬᠠᠰᠠᠭᠰᠲ᠋ᠠᠨ ᠤᠯᠤᠰ ᠤᠷᠤᠭᠤ ᠳᠤᠭᠤᠢ ᠪᠠᠷ ᠠᠶᠠᠯᠠᠬᠤ ᠪᠠᠷ ᠪᠣᠯᠵᠠᠢ᠃
︽ᠮᠣᠩᠭᠣᠯ ᠣᠷᠣᠨ ᠢᠶᠠᠨ ᠭᠠᠳᠠᠭᠠᠳᠤ ᠳᠤ ᠰᠤᠷᠲᠠᠯᠴᠢᠯᠠᠬᠤ᠂ ᠮᠣᠩᠭᠣᠯ ᠬᠦᠮᠦᠨ ᠦ ᠲᠡᠪᠴᠢᠶᠡᠷᠢ ᠬᠠᠲᠠᠭᠤᠵᠢᠯ ᠢ ᠬᠠᠷᠠᠭᠤᠯᠬᠤ ᠵᠣᠷᠢᠯᠭ᠎ᠠ ᠲᠠᠢ ᠳᠤᠭᠤᠢ ᠶᠢᠨ ᠠᠶᠠᠯᠠᠯ ᠢᠶᠠᠨ ᠥᠯᠥᠭᠡᠢ ᠬᠣᠲᠠ ᠠᠴᠠ ᠡᠬᠢᠯᠡᠵᠦ᠂ ᠬᠠᠰᠠᠭᠰᠲ᠋ᠠᠨ ᠤ ᠰᠧᠮᠧᠢ-ᠨᠤᠷ-ᠰᠤᠯᠲᠠᠨ-ᠠᠯᠮᠠᠲ ᠬᠣᠲᠠ ᠤᠷᠤᠬᠤ ᠲᠥᠯᠥᠪᠯᠡᠭᠡ ᠲᠡᠢ ᠪᠠᠶᠢᠨ᠎ᠠ᠃ ᠺᠢᠷᠭᠢᠽᠰᠲ᠋ᠠᠨ᠂  ᠦᠽᠪᠸᠺᠰᠲ᠋ᠠᠨ ᠤᠯᠤᠰ ᠲᠤ ᠣᠴᠢᠵᠤ ᠠᠶᠠᠯᠠᠯ ᠢᠶᠠᠨ ᠥᠨᠳᠥᠷᠯᠡᠬᠦ ᠶᠢ ᠵᠣᠷᠢᠵᠤ ᠪᠠᠶᠢᠭ᠎ᠠ᠃ ᠣᠳᠣ ᠢᠪᠡᠭᠡᠨ ᠲᠡᠳᠬᠦᠭᠴᠢ ᠨᠠᠷ ᠲᠠᠢ ᠶᠠᠷᠢᠯᠴᠠᠵᠤ᠂ ᠪᠡᠯᠡᠳᠬᠡᠯ ᠠᠵᠢᠯ ᠢᠶᠠᠨ ᠪᠠᠵᠠᠭᠠᠵᠤ ᠪᠠᠶᠢᠨ᠎ᠠ ᠬᠡᠮᠡᠨ ᠣ᠊∙ᠪᠠᠶᠠᠨᠳᠠᠯᠠᠢ ᠬᠡᠯᠡᠪᠡ᠃

ᠰᠡᠳᠬᠢᠭᠳᠡᠯ ᠦᠯᠡᠳᠡᠭᠡᠬᠦ