ᠪᠦᠸ᠋ᠸ ᠤ ᠳᠤ ᠤᠷᠤᠯᠴᠠᠭᠰᠠᠳ ᠪᠡᠰᠡᠷᠡᠭ ᠨᠠᠭᠠᠳᠤᠮ ᠦᠵᠡᠯ᠎ᠡ | News.MN

ᠪᠦᠸ᠋ᠸ ᠤ ᠳᠤ ᠤᠷᠤᠯᠴᠠᠭᠰᠠᠳ ᠪᠡᠰᠡᠷᠡᠭ ᠨᠠᠭᠠᠳᠤᠮ ᠦᠵᠡᠯ᠎ᠡ

ᠠᠽᠢᠶ᠎ᠠ ᠶᠢᠨ ᠲᠥᠯᠦᠭᠡᠬᠢ ᠪᠦᠸ᠋ᠸ ᠤ ᠹᠣᠷᠣᠮ ᠤᠨ ᠤᠯᠠᠭᠠᠨᠪᠠᠭᠠᠲᠤᠷ ᠤᠨ ᠪᠠᠭ᠎ᠠ ᠬᠤᠷᠠᠯ ᠳᠤ  ᠤᠷᠤᠯᠴᠠᠭᠰᠠᠳ ᠲᠤ ᠵᠣᠷᠢᠭᠤᠯᠤᠭᠰᠠᠨ ︽ᠪᠡᠰᠡᠷᠡᠭ ᠨᠠᠭᠠᠳᠤᠮ︾ ᠥᠴᠥᠭᠡᠳᠦᠷ ᠴᠢᠩᠭᠢᠰ ᠤᠨ ᠬᠦᠷᠢᠶ᠎ᠡ ᠠᠶᠠᠯᠠᠯ ᠵᠢᠭᠤᠯᠴᠢᠯᠠᠯ ᠤᠨ ᠪᠠᠭᠠᠽ ᠳᠤ ᠪᠣᠯᠤᠯ᠎ᠠ᠃ ︽ᠪᠡᠰᠡᠷᠡᠭ ᠨᠠᠭᠠᠳᠤᠮ︾ ᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠶᠢᠨ ᠣᠷᠣᠯᠠᠭᠴᠢ ᠪᠥᠭᠡᠳ ᠠᠽᠢᠶ᠎ᠠ ᠨᠣᠮᠣᠬᠠᠨ ᠳᠠᠯᠠᠢ ᠶᠢᠨ ᠡᠳ᠋ ᠦᠨ ᠵᠠᠰᠠᠭ᠂ ᠨᠡᠶᠢᠭᠡᠮ ᠤᠨ ᠺᠣᠮᠢᠰ ᠤᠨ ᠭᠦᠢᠴᠡᠳᠭᠡᠬᠦ ᠨᠠᠷᠢᠨ ᠪᠢᠴᠢᠭ ᠦᠨ ᠳᠠᠷᠤᠭ᠎ᠠ ᠠᠷᠮᠢᠳᠠ ᠠᠯᠢᠰᠵᠠᠪᠠᠨᠠ᠂ ᠠᠽᠢᠶ᠎ᠠ ᠶᠢᠨ ᠲᠥᠯᠦᠭᠡᠬᠢ ᠪᠦᠸ᠋ᠸ ᠤ ᠹᠣᠷᠣᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠯᠢ ᠪᠤᠤ ᠳ᠋ᠦᠩ ᠲᠡᠷᠢᠭᠦᠲᠡᠢ ᠭᠠᠳᠠᠭᠠᠳᠤ ᠶᠢᠨ 100 ᠭᠠᠷᠤᠢ ᠵᠣᠴᠢᠳ ᠲᠥᠯᠥᠭᠡᠯᠡᠭᠴᠢ ᠦᠵᠡᠵᠦ ᠰᠣᠨᠢᠷᠬᠠᠪᠠ᠃
ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ ︽ᠪᠡᠰᠡᠷᠡᠭ ᠨᠠᠭᠠᠳᠤᠮ︾ ᠍ ᠢ ᠨᠡᠭᠡᠭᠡᠵᠦ ᠬᠡᠯᠡᠭᠰᠡᠨ ᠦᠭᠡᠨ ᠳᠦ ᠪᠡᠨ᠂ ᠮᠣᠩᠭᠣᠯᠴᠤᠳ ᠤᠨ ᠥᠨᠢ ᠡᠷᠲᠡᠨ ᠡᠴᠡ ᠲᠡᠮᠳᠡᠭᠯᠡᠵᠦ ᠢᠷᠡᠭᠰᠡᠨ ᠨᠠᠭᠠᠳᠤᠮ ᠨᠢ ᠨᠡᠭᠦᠳᠡᠯ ᠦᠨ ᠰᠤᠶᠤᠯ ᠢᠷᠭᠡᠨᠰᠢᠯ ᠦᠨ ᠲᠣᠳᠣ ᠢᠯᠡᠷᠬᠡᠶᠢᠯᠡᠯ ᠪᠣᠯᠤᠭᠰᠠᠨ ᠰᠫᠣᠷᠲ᠂ ᠰᠤᠶᠤᠯ ᠤᠨ ᠴᠣᠭᠴᠠ ᠥᠪ ᠪᠥᠭᠡᠳ ᠳᠡᠯᠡᠬᠡᠢ ᠶᠢᠨ ᠪᠡᠶᠡᠲᠦ ᠪᠤᠰᠤ ᠰᠤᠶᠤᠯ ᠤᠨ ᠥᠪ ᠦᠨ ᠨᠢᠭᠡ ᠪᠣᠯᠬᠤ ᠶᠢ ᠣᠨᠴᠠᠯᠠᠭᠰᠠᠨ ᠶᠤᠮ᠃

ᠰᠡᠳᠬᠢᠭᠳᠡᠯ ᠦᠯᠡᠳᠡᠭᠡᠬᠦ