ᠳᠥᠷᠪᠡᠨ ᠲᠠᠮᠢᠷᠴᠢᠨ ᠴᠠᠭᠳᠠᠭ᠎ᠠ ᠶᠢᠨ ᠨᠠᠭᠠᠳᠤᠮ ᠳᠦ ᠲᠦᠷᠦᠭᠦᠯᠡᠪᠡ  | News.MN

ᠳᠥᠷᠪᠡᠨ ᠲᠠᠮᠢᠷᠴᠢᠨ ᠴᠠᠭᠳᠠᠭ᠎ᠠ ᠶᠢᠨ ᠨᠠᠭᠠᠳᠤᠮ ᠳᠦ ᠲᠦᠷᠦᠭᠦᠯᠡᠪᠡ 

ᠴᠠᠭᠳᠠᠭ᠎ᠠ᠂ ᠣᠨᠴᠠᠭᠠᠢ ᠪᠠᠶᠢᠳᠠᠯ ᠤᠨ ᠠᠯᠪᠠᠨ ᠬᠠᠭᠠᠭᠴᠢᠳ ᠤᠨ ᠰᠫᠣᠷᠲ ᠤᠨ ᠨᠠᠭᠠᠳᠤᠮ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠴᠸᠩᠳᠦ᠋ ᠬᠤᠲᠠ ᠳᠤ ᠪᠣᠯᠵᠤ ᠪᠠᠶᠢᠨ᠎ᠠ᠃ ᠴᠢᠯᠦᠭᠡᠲᠦ ᠪᠥᠬᠡ ᠶᠢᠨ ᠲᠥᠷᠥᠯ ᠥᠴᠥᠭᠡᠳᠦᠷ ᠪᠣᠯᠵᠤ᠂ ᠮᠠᠨ ᠤ ᠤᠯᠤᠰ ᠠᠴᠠ ᠵᠢᠷᠭᠤᠭᠠᠨ ᠲᠠᠮᠢᠷᠴᠢᠨ ᠣᠷᠣᠯᠴᠠᠭᠰᠠᠨ ᠠᠴᠠ ᠳᠥᠷᠪᠡᠨ ᠠᠯᠲᠠ᠂ ᠬᠣᠱᠣᠢ ᠮᠥᠩᠭᠥᠨ ᠮᠧᠳᠠᠯ ᠬᠦᠷᠲᠡᠪᠡ᠃ ᠣ᠊∙ᠨᠠᠰᠤᠨᠪᠦᠷᠮ᠎ᠠ ᠡᠮᠡᠭᠲᠡᠶᠢᠴᠦᠳ ᠦᠨ 75 ᠺᠢᠯᠦᠭᠷᠡᠮ ᠳᠦ᠂ ᠬ∙ᠨᠢᠮᠠᠳᠣᠷᠵᠢ 70 ᠺᠢᠯᠦᠭᠷᠡᠮ ᠳᠦ᠂ ᠱ∙ ᠪᠠᠶᠠᠨᠮᠦ᠋ᠩᠬᠡ 125 ᠺᠢᠯᠦᠭᠷᠡᠮ ᠳᠦ᠂ ᠭ∙ᠡᠷᠳᠡᠨᠢᠪᠠᠶᠠᠷ 86  ᠺᠢᠯᠦᠭᠷᠡᠮ ᠳᠦ ᠠᠯᠲᠠᠨ ᠮᠧᠳᠠᠯ  ᠬᠦᠷᠲᠡᠵᠦ᠂ ᠮᠣᠩᠭᠣᠯ ᠤᠯᠤᠰ ᠤᠨ ᠲᠥᠷᠥ ᠶᠢᠨ ᠳᠠᠭᠤᠯᠠᠯ ᠢᠶᠠᠨ ᠡᠭᠡᠰᠢᠭᠯᠡᠭᠦᠯᠪᠡ᠃ ᠪ∙ᠲᠡᠮᠦᠷᠪᠠᠭᠠᠲᠤᠷ᠂ ᠨ ∙ᠭᠠᠩᠵᠣᠷᠢᠭ ᠮᠥᠩᠭᠥᠨ ᠮᠧᠳᠠᠯ ᠬᠦᠷᠲᠡᠵᠡᠢ᠃

ᠰᠡᠳᠬᠢᠭᠳᠡᠯ ᠦᠯᠡᠳᠡᠭᠡᠬᠦ