ᠳᠠᠷᠬᠠᠨ ᠠᠪᠤᠷᠭᠤ ᠪ∙ᠪᠠᠲᠤᠡᠷᠳᠡᠨᠢ ᠢᠩᠭᠢᠵᠤ ᠬᠡᠯᠡᠵᠡᠢ | News.MN

 ᠳᠠᠷᠬᠠᠨ ᠠᠪᠤᠷᠭᠤ ᠪ∙ᠪᠠᠲᠤᠡᠷᠳᠡᠨᠢ ᠢᠩᠭᠢᠵᠤ ᠬᠡᠯᠡᠵᠡᠢ

ᠡᠨᠡ ᠵᠢᠯ ᠦᠨ ᠦᠨᠳᠦᠰᠦᠨ ᠦ ᠶᠡᠬᠡ ᠪᠠᠶᠠᠷ ᠨᠠᠭᠠᠳᠤᠮ ᠳᠤ ᠮᠣᠩᠭᠣᠯ ᠤᠯᠤᠰ ᠤᠨ ᠠᠪᠤᠷᠭᠤ ᠴᠣᠯᠠ ᠬᠦᠷᠲᠡᠭᠰᠡᠨ ᠡ᠊∙ᠣᠶᠤᠨᠪᠣᠯᠣᠳ ᠢ ᠰᠡᠷᠭᠦᠭᠡᠰᠢ ᠬᠡᠷᠡᠭᠯᠡᠭᠰᠡᠨ ᠭᠡᠰᠡᠨ ᠮᠡᠳᠡᠭᠡᠯᠡᠯ ᠰᠠᠴᠤᠭᠳᠠᠵᠤ ᠪᠤᠢ᠃ ᠲᠡᠷᠡᠪᠡᠷ ᠡᠨᠡ ᠲᠠᠯ᠎ᠠ ᠪᠠᠷ ᠥᠪᠡᠷ ᠦᠨ ᠪᠠᠶᠢᠷᠢ ᠰᠠᠭᠤᠷᠢ ᠪᠠᠨ ᠢᠯᠡᠷᠬᠡᠶᠢᠯᠡᠵᠦ᠂ ᠮᠡᠳᠡᠭᠳᠡᠯ ᠬᠢᠭᠰᠡᠨ ᠪᠥᠭᠡᠳ ᠪᠠᠶᠠᠷ ᠨᠠᠭᠠᠳᠤᠮ ᠤᠨ  ᠺᠤᠮᠢᠰ ᠲᠤ ᠭᠣᠮᠣᠳᠠᠯ ᠭᠠᠷᠭᠠᠭᠠᠳ ᠪᠠᠶᠢᠨ᠎ᠠ᠃
ᠲᠡᠭᠦᠨ ᠢ ᠰᠡᠷᠭᠦᠭᠡᠰᠢ ᠬᠡᠷᠡᠭᠯᠡᠭᠰᠡᠨ ᠭᠡᠬᠦ ᠠᠰᠠᠭᠤᠳᠠᠯ ᠳᠤ ᠤᠯᠤᠰ ᠤᠨ ᠶᠡᠬᠡ ᠬᠤᠷᠠᠯ ᠤᠨ ᠭᠡᠰᠢᠭᠦᠨ ᠪ∙ ᠪᠠᠲᠤᠡᠷᠳᠡᠨᠢ ᠮᠡᠳᠡᠭᠡᠯᠡᠯ ᠥᠭᠴᠦ᠂ ᠰᠡᠳᠬᠦᠯᠴᠢᠳ ᠦᠨ ᠰᠣᠨᠢᠷᠬᠠᠭᠰᠠᠨ ᠠᠰᠠᠭᠤᠯᠲᠠ ᠳᠤ ᠬᠠᠷᠢᠭᠤᠯᠤᠯ᠎ᠠ᠃ ᠲᠡᠷᠡᠪᠡᠷ᠄ ᠡ᠊∙ᠣᠶᠤᠨᠪᠣᠯᠣᠳ ᠲᠠᠢ ᠠᠭᠤᠯᠵᠠᠭ᠎ᠠ ᠦᠭᠡᠢ᠂ ᠬᠣᠯᠪᠣᠭ᠎ᠠ ᠪᠠᠷᠢᠭ᠎ᠠ ᠦᠭᠡᠢ᠃ ᠥᠪᠡᠷ ᠢᠶᠡᠨ ᠮᠡᠳᠡᠭᠳᠡᠯ ᠬᠢᠭᠰᠡᠨ ᠪᠠᠶᠢᠭᠰᠠᠨ᠃ ᠪᠢ ᠡᠨᠡ ᠰᠠᠷ᠎ᠠ ᠶᠢᠨ 7 ᠡᠴᠡ ᠬᠣᠶᠢᠰᠢ ᠠᠯᠪᠠᠨ ᠠᠵᠢᠯ ᠲᠠᠢ ᠪᠠᠶᠢᠭᠰᠠᠨ ᠤᠴᠢᠷ ᠡᠨᠡ ᠲᠠᠯ᠎ᠠ ᠪᠠᠷ ᠲᠣᠳᠣᠷᠬᠠᠢ ᠮᠡᠳᠡᠭᠡᠯᠡᠯ ᠠᠯᠠᠭ᠎ᠠ᠃ ᠡ᠊∙ᠣᠶᠤᠨᠪᠣᠯᠣᠳ 20 ᠨᠠᠰᠤᠲᠠᠢ ᠳᠤ ᠪᠠᠨ 6 ᠳᠠᠪᠠᠭᠠᠳ ᠳᠠᠷᠠᠭ᠎ᠠ ᠨᠢ ᠤᠯᠤᠰ ᠤᠨ ᠪᠠᠶᠠᠷ ᠨᠠᠭᠠᠳᠤᠮ ᠳᠤ ᠲᠦᠷᠦᠭᠦᠯᠡᠭᠰᠡᠨ᠃ ᠨᠠᠭᠠᠳᠤᠮ ᠳᠤ ᠲᠦᠷᠦᠭᠦᠯᠡᠭᠰᠡᠨ ᠦ ᠳᠠᠷᠠᠭ᠎ᠠ ᠪᠠᠷ ᠠᠷᠢᠬᠢ ᠳᠠᠷᠠᠰᠤ ᠤᠤᠭᠤᠯ᠎ᠠ ᠭᠡᠰᠡᠨ ᠮᠡᠳᠡᠭᠡᠯᠡᠯ ᠢᠷᠡᠳᠡᠭ ᠪᠠᠶᠢᠭᠰᠠᠨ ᠴᠤ ᠨᠠᠳᠠ ᠲᠠᠢ ᠲᠠᠭᠠᠷᠠᠵᠤ ᠪᠠᠶᠢᠭᠰᠠᠨ ᠦᠭᠡᠢ᠃ ᠰᠡᠭᠦᠯ ᠦᠨ ᠨᠢᠭᠡ ᠵᠢᠯ ᠭᠠᠷᠤᠢ ᠶᠢᠨ ᠬᠤᠭᠤᠴᠠᠭᠠᠨ ᠳᠤ ᠬᠣᠯᠪᠣᠭᠳᠠᠵᠤ ᠪᠡᠯᠡᠳᠬᠡᠯ ᠰᠤᠷᠭᠠᠭᠤᠯᠢᠯᠲᠠ ᠪᠠᠨ ᠬᠢᠵᠦ ᠪᠠᠶᠢᠨ᠎ᠠ ᠤᠤ ᠭᠡᠵᠦ ᠬᠠᠷᠢᠴᠠᠵᠤ ᠪᠠᠶᠢᠭᠰᠠᠨ ᠠᠴᠠ ᠡᠳᠦᠷ ᠪᠦᠷᠢ ᠪᠡᠯᠡᠳᠬᠡᠯ ᠳᠡᠭᠡᠷ᠎ᠡ ᠨᠢ ᠣᠴᠢᠬᠤ ᠪᠣᠯᠤᠮᠵᠢ ᠪᠠᠶᠢᠬᠤ ᠦᠭᠡᠢ᠃ ᠲᠡᠭᠡᠬᠦ ᠪᠡᠷ ᠨᠠᠳᠠ ᠳᠤ ᠣᠳᠣ ᠪᠠᠷ ᠮᠡᠳᠡᠭᠳᠡᠭᠰᠡᠨ ᠵᠦᠢᠯ ᠠᠯᠠᠭ᠎ᠠ᠃ ᠨᠢᠭᠡ ᠯᠠ ᠤᠳᠠᠭ᠎ᠠ ᠪᠡᠯᠡᠳᠬᠡᠯ ᠳᠡᠭᠡᠷ᠎ᠡ ᠨᠢ ᠣᠴᠢᠵᠤ ᠠᠭᠤᠯᠵᠠᠭᠰᠠᠨ᠃ ᠰᠡᠷᠭᠦᠭᠡᠰᠢ ᠬᠡᠷᠡᠭᠯᠡᠭᠰᠡᠨ ᠭᠡᠰᠡᠨ ᠠᠰᠠᠭᠤᠳᠠᠯ ᠰᠠᠨᠠᠭᠠᠨ ᠳᠤ ᠪᠠᠭᠤᠬᠤ ᠦᠭᠡᠢ ᠪᠠᠶᠢᠨ᠎ᠠ᠃ ᠡ᠊∙ᠣᠶᠤᠨᠪᠣᠯᠣᠳ ᠤᠨ ᠪᠢᠷ᠎ᠠ ᠲᠡᠩᠬᠡᠭᠡ᠂ ᠠᠪᠢᠶᠠᠰ ᠢ ᠪᠠᠶᠢᠭᠠᠯᠢ ᠠᠴᠠ ᠵᠠᠶᠠᠭᠠᠭᠰᠠᠨ ᠭᠡᠵᠦ ᠪᠣᠳᠣᠳᠠᠭ ᠭᠡᠯ᠎ᠡ᠃

ᠰᠡᠳᠬᠢᠭᠳᠡᠯ ᠦᠯᠡᠳᠡᠭᠡᠬᠦ