ᠨᠢᠯᠬᠠᠰ ᠤᠨ ᠡᠨᠳᠡᠭᠳᠡᠯ 1.6% ᠍ ᠪᠠᠷ ᠪᠠᠭᠤᠷᠠᠵᠠᠢ  | News.MN

ᠨᠢᠯᠬᠠᠰ ᠤᠨ ᠡᠨᠳᠡᠭᠳᠡᠯ 1.6% ᠍ ᠪᠠᠷ ᠪᠠᠭᠤᠷᠠᠵᠠᠢ 

ᠤᠯᠤᠰ ᠤᠨ ᠬᠡᠮᠵᠢᠶᠡᠨ ᠳᠦ 2019 ᠣᠨ ᠤ ᠡᠬᠢᠨ ᠦ ᠳᠣᠯᠣᠭᠠᠨ ᠰᠠᠷ᠎ᠠ ᠳᠤ 45 ᠮᠢᠩᠭᠠᠨ ᠡᠬᠡ ᠠᠮᠤᠷᠵᠢᠵᠤ᠂ 45.3 ᠮᠢᠩᠭᠠᠨ ᠬᠡᠦᠬᠡᠳ ᠲᠥᠷᠦᠭᠦᠯᠦᠭᠰᠡᠨ ᠨᠢ ᠡᠮᠦᠨᠡᠬᠢ ᠣᠨ ᠤ ᠮᠥᠨ ᠦᠶ᠎ᠡ ᠡᠴᠡ ᠠᠮᠤᠷᠵᠢᠭᠰᠠᠨ ᠡᠬᠡ 306 ᠪᠤᠶᠤ 0.7% ᠍ ᠪᠠᠷ ᠨᠡᠮᠡᠭᠳᠡᠭᠰᠡᠨ ᠦᠵᠡᠭᠦᠯᠦᠯᠲᠡ ᠪᠣᠯᠬᠤ ᠶᠢ ᠮᠣᠩᠭᠣᠯ ᠤᠯᠤᠰ ᠤᠨ ᠨᠡᠶᠢᠭᠡᠮ᠂ ᠡᠳ᠋ ᠍ ᠦᠨ ᠵᠠᠰᠠᠭ ᠤᠨ ᠰᠲ᠋ᠠᠲ᠋ᠢᠰᠲ᠋ᠢᠺ ᠮᠡᠳᠡᠭᠡᠯᠡᠯ ᠢᠶᠡᠷ ᠣᠨᠴᠠᠯᠠᠯ᠎ᠠ᠃
ᠮᠥᠨ ᠠᠮᠢᠳᠤ ᠲᠦᠷᠦᠭᠰᠡᠨ ᠬᠡᠦᠬᠡᠳ 359 (0.8%) ᠍ ᠪᠡᠷ ᠨᠡᠮᠡᠭᠳᠡᠵᠡᠢ᠃
ᠬᠠᠷᠢᠨ ᠡᠨᠡ ᠣᠨ ᠤ ᠳᠣᠯᠣᠳᠤᠭᠠᠷ ᠰᠠᠷ᠎ᠠ ᠳᠤ 6876 ᠡᠬᠡ ᠠᠮᠤᠷᠵᠢᠵᠤ᠂ 6947 ᠬᠡᠦᠬᠡᠳ ᠲᠥᠷᠦᠭᠦᠯᠦᠭᠰᠡᠨ ᠨᠢ ᠡᠮᠦᠨᠡᠬᠢ ᠰᠠᠷ᠎ᠠ ᠠᠴᠠ ᠠᠮᠤᠷᠵᠢᠭᠰᠠᠨ ᠡᠬᠡ 540 (8.5%) ᠍ ᠪᠡᠷ᠂ ᠠᠮᠢᠳᠤ ᠲᠦᠷᠦᠭᠰᠡᠨ ᠬᠡᠦᠬᠡᠳ 560 (8.8%) ᠍ ᠪᠠᠷ ᠥᠰᠦᠭᠰᠡᠨ ᠶᠠᠪᠤᠳᠠᠯ ᠪᠠᠶᠢᠪᠠ᠃ ᠤᠯᠤᠰ ᠤᠨ ᠬᠡᠮᠵᠢᠶᠡᠨ ᠳᠦ ᠨᠢᠯᠬᠠᠰ ᠤᠨ ᠡᠨᠳᠡᠭᠳᠡᠯ ᠡᠨᠡ ᠣᠨ ᠤ ᠡᠬᠢᠨ ᠦ ᠳᠣᠯᠣᠭᠠᠨ ᠰᠠᠷ᠎ᠠ ᠳᠤ 599 ᠪᠣᠯᠵᠤ᠂ ᠡᠮᠦᠨᠡᠬᠢ ᠣᠨ ᠤ ᠮᠥᠨ ᠦᠶ᠎ᠡ ᠡᠴᠡ 10 (1.6%) ᠪᠡᠷ᠂ ᠲᠠᠪᠤ ᠬᠦᠷᠲᠡᠯᠡᠬᠢ ᠨᠠᠰᠤᠨ ᠤ ᠬᠡᠦᠬᠡᠳ ᠦᠨ ᠡᠨᠳᠡᠭᠳᠡᠯ 720 ᠪᠣᠯᠵᠤ᠂ ᠡᠮᠦᠨᠡᠬᠢ ᠣᠨ ᠤ ᠮᠥᠨ ᠦᠶ᠎ᠡ ᠡᠴᠡ 37 (4.9%) ᠍ ᠪᠠᠷ ᠪᠠᠭᠤᠷᠠᠵᠠᠢ᠃

ᠰᠡᠳᠬᠢᠭᠳᠡᠯ ᠦᠯᠡᠳᠡᠭᠡᠬᠦ