︽ᠴᠢᠩᠭᠢᠰ ᠬᠠᠭᠠᠨ ᠤ ᠤᠭᠰᠠᠭᠠᠨ ᠤ ᠬᠢᠨ ᠤ ᠡᠷᠳᠡᠨᠢᠰ ︾ ᠦᠵᠡᠰᠬᠦᠯᠡᠩ ᠭᠠᠷᠭᠠᠨ᠎ᠠ  | News.MN

 ︽ᠴᠢᠩᠭᠢᠰ ᠬᠠᠭᠠᠨ ᠤ ᠤᠭᠰᠠᠭᠠᠨ ᠤ ᠬᠢᠨ ᠤ ᠡᠷᠳᠡᠨᠢᠰ ︾ ᠦᠵᠡᠰᠬᠦᠯᠡᠩ ᠭᠠᠷᠭᠠᠨ᠎ᠠ 

ᠳᠡᠯᠡᠬᠡᠢ ᠳᠦ ᠠᠯᠳᠠᠷᠲᠠᠢ ᠡᠷᠮᠢᠲ᠋ᠠᠵ ᠳᠦ ᠢᠷᠡᠬᠦ ᠠᠷᠪᠠᠳᠤᠭᠠᠷ ᠰᠠᠷ᠎ᠠ ᠳᠤ ︽ᠴᠢᠩᠭᠢᠰ ᠬᠠᠭᠠᠨ ᠤ ᠤᠭᠰᠠᠭᠠᠨ ᠤ ᠬᠢᠨ ᠤ ᠡᠷᠳᠡᠨᠢᠰ︾ ᠦᠵᠡᠰᠬᠦᠯᠡᠩ ᠢ ᠭᠠᠷᠭᠠᠬᠤ ᠪᠥᠭᠡᠳ ᠵᠠᠷᠤᠳᠠᠯ ᠢ ᠵᠠᠰᠠᠭ ᠤᠨ ᠭᠠᠵᠠᠷ ᠤᠨ ᠨᠥᠭᠡᠴᠡ ᠬᠥᠷᠥᠩᠭᠡ ᠡᠴᠡ ᠰᠢᠢᠳᠪᠦᠷᠢᠯᠡᠬᠦ ᠪᠡᠷ ᠪᠣᠯᠤᠯ᠎ᠠ᠃
ᠵᠠᠰᠠᠭ ᠤᠨ ᠭᠠᠵᠠᠷ ᠤᠨ ᠥᠨᠥᠳᠥᠷ ᠦᠨ ᠬᠤᠷᠠᠯᠳᠤᠭᠠᠨ ᠢᠶᠠᠷ ᠡᠨᠡ ᠰᠢᠢᠳᠪᠦᠷᠢ ᠶᠢ ᠭᠠᠷᠭᠠᠭᠰᠠᠨ ᠪᠥᠭᠡᠳ ᠡᠷᠮᠢᠲ᠋ᠠᠵ ᠍ ᠳᠦ ᠪᠠᠶᠢᠭ᠎ᠠ ᠮᠣᠩᠭᠣᠯ ᠤᠨ ᠲᠡᠦᠬᠡ ᠲᠡᠢ ᠬᠤᠯᠪᠤᠭ᠎ᠠ ᠲᠠᠢ ᠦᠵᠡᠮᠦᠷᠢ ᠨᠦᠭᠦᠳ ᠢ ᠦᠵᠡᠰᠬᠦᠯᠡᠩ ᠳᠦ ᠳᠡᠯᠭᠡᠬᠦ ᠶᠤᠮ ᠃ ᠡᠷᠮᠢᠲ᠋ᠠᠵ  ᠦᠨ ᠰᠠᠩ ᠳᠤ ᠬᠠᠳᠠᠭᠠᠯᠠᠳᠠᠭ ᠠᠯᠲᠠᠨ ᠣᠷᠳᠣᠨ ᠤ ᠤᠯᠤᠰ ᠤᠨ ᠲᠡᠦᠬᠡ ᠲᠡᠢ ᠬᠣᠯᠪᠣᠭ᠎ᠠ ᠲᠠᠢ ᠮᠠᠰᠢ ᠣᠯᠠᠨ ᠲᠡᠦᠬᠡ᠂ ᠰᠤᠶᠤᠯ ᠤᠨ ᠳᠤᠷᠠᠰᠬᠠᠯ ᠪᠠᠶᠢᠳᠠᠭ ᠪᠥᠭᠡᠳ ᠡᠭᠦᠨ ᠢ ᠣᠯᠠᠨ ᠨᠡᠶᠢᠲᠡ ᠳᠦ ᠳᠡᠯᠭᠡᠨ᠎ᠡ ᠃ ᠮᠥᠨ ᠦᠨᠳᠦᠰᠦᠨ ᠦ ᠲᠡᠦᠬᠡ ᠶᠢᠨ ᠮᠦᠽᠧᠢ ᠪᠣᠯᠤᠨ ᠲᠡᠦᠬᠡ ᠠᠷᠾᠸᠦᠯᠤᠭᠢ ᠶᠢᠨ  ᠬᠦᠷᠢᠶᠡᠯᠡᠩ ᠡᠴᠡ ᠲᠤᠰ ᠪᠦᠷᠢ ᠠᠷᠪᠠᠨ ᠦᠵᠡᠮᠦᠷᠢ ᠶᠢ ᠡᠷᠮᠢᠲ᠋ᠠᠵ ᠍ ᠳᠦ ᠬᠦᠷᠭᠡᠨ᠂ ᠦᠵᠡᠰᠬᠦᠯᠡᠩ ᠳᠦ ᠳᠡᠯᠭᠡᠬᠦ ᠪᠡᠷ ᠲᠥᠯᠥᠪᠯᠡᠭᠰᠡᠨ ᠭᠡᠵᠦ  ᠪᠤᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠤᠷᠲ ᠤᠨ ᠶᠠᠮᠤᠨ ᠤ ᠰᠠᠶᠢᠳ ᠶᠣ᠊∙ ᠪᠠᠭᠠᠲᠤᠷᠪᠢᠯᠢᠭ᠌ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ