ᠬᠢᠲᠠᠳ  ᠤᠨ ᠪᠠᠩᠬᠢ ᠺᠷᠢᠫᠲ᠋ᠤ᠋ ᠸᠠᠯᠢᠶᠤᠲ ᠭᠠᠷᠭᠠᠨ᠎ᠠ  | News.MN

ᠬᠢᠲᠠᠳ  ᠤᠨ ᠪᠠᠩᠬᠢ ᠺᠷᠢᠫᠲ᠋ᠤ᠋ ᠸᠠᠯᠢᠶᠤᠲ ᠭᠠᠷᠭᠠᠨ᠎ᠠ 

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠠᠷᠠᠳ ᠤᠨ ᠪᠠᠩᠬᠢ ᠺᠷᠢᠫᠲ᠋ᠤ᠋  ᠸᠠᠯᠢᠶᠤᠲ  ᠤᠨ ᠥᠪᠡᠷ ᠦᠨ ᠭᠡᠰᠡᠨ ᠬᠤᠪᠢᠯᠪᠤᠷᠢ ᠶᠢ ᠲᠤᠩ ᠤᠳᠠᠬᠤ ᠦᠭᠡᠢ ᠭᠠᠷᠭᠠᠬᠤ ᠭᠡᠵᠦ ᠪᠠᠶᠢᠭ᠎ᠠ ᠲᠤᠬᠠᠢ Bloomberg ᠠᠭᠧᠨᠲᠯᠢᠭ ᠲᠤᠰ ᠪᠠᠩᠬᠢᠨ ᠤ ᠲᠥᠯᠥᠪᠦᠷᠢ ᠲᠣᠭᠠᠴᠠᠭᠠᠨ ᠤ ᠬᠡᠯᠲᠡᠰ ᠦᠨ ᠣᠷᠣᠯᠠᠭᠴᠢ ᠳᠠᠷᠤᠭ᠎ᠠ ᠨᠠᠷ ᠤᠨ ᠨᠢᠭᠡᠨ ᠦ ᠬᠢᠨᠢ ᠮᠡᠳᠡᠭᠡᠯᠡᠯ ᠡᠴᠡ ᠡᠰᠢ ᠲᠠᠲᠠᠨ ᠤᠯᠠᠮᠵᠢᠯᠠᠪᠠ᠃ Bloomberg ᠍ ᠦᠨ ᠡᠬᠢ ᠰᠤᠷᠪᠤᠯᠵᠢ ᠬᠢᠲᠠᠳ ᠤᠨ ᠵᠡᠭᠦᠨ ᠨᠤᠲᠤᠭ ᠤᠨ ᠵᠢᠶᠠᠩᠰᠤ ᠮᠤᠵᠢ ᠳᠤ ᠥᠩᠭᠡᠷᠡᠭᠰᠡᠨ ᠠᠮᠠᠷᠠᠯᠲᠠ ᠶᠢᠨ ᠡᠳᠦᠷ ᠦᠳ ᠲᠦ ᠪᠣᠯᠤᠭᠰᠠᠨ ᠰᠠᠩᠬᠦᠦ ᠶᠢᠨ ᠰᠠᠯᠪᠤᠷᠢ ᠶᠢᠨ ᠬᠢᠨ ᠤ ᠴᠢᠭᠤᠯᠭᠠᠨ ᠳᠤ ᠣᠷᠣᠯᠴᠠᠭᠰᠠᠨ ᠪᠠᠶᠢᠨ᠎ᠠ᠃ ᠡᠬᠢ ᠰᠤᠷᠪᠤᠯᠵᠢ ᠶᠢᠨ ᠬᠡᠯᠡᠭᠰᠡᠨ ᠢᠶᠡᠷ᠂ ᠠᠷᠠᠳ ᠤᠨ ᠪᠠᠩᠬᠢ ᠤᠭ ᠠᠰᠠᠭᠤᠳᠠᠯ ᠢᠶᠠᠷ ᠥᠩᠭᠡᠷᠡᠭᠰᠡᠨ ᠣᠨ ᠠᠴᠠ ᠬᠣᠶᠢᠰᠢ ᠡᠷᠴᠢᠮᠲᠡᠢ ᠠᠵᠢᠯᠯᠠᠭᠰᠠᠨ ᠪᠥᠭᠡᠳ ᠥᠪᠡᠷ ᠦᠨ ᠭᠡᠰᠡᠨ ᠺᠷᠢᠫᠲ᠋ᠤ᠋ ᠸᠠᠯᠢᠶᠤᠲ ᠭᠠᠷᠭᠠᠬᠤ ᠳᠤ ︽ᠲᠤᠩ ᠣᠶᠢᠷᠠᠳᠴᠠᠢ︾᠃
ICO ᠪᠤᠶᠤ ᠰᠢᠨ᠎ᠡ ᠺᠷᠢᠫᠲ᠋ᠤ᠋ ᠸᠠᠯᠢᠶᠤᠲ ᠪᠣᠯᠤᠨ ᠲᠣᠺᠧᠨ ᠭᠠᠷᠭᠠᠬᠤ᠂ ᠬᠥᠷᠥᠩᠭᠡ ᠣᠷᠣᠭᠤᠯᠤᠭᠴᠢᠳ ᠲᠤ ᠬᠤᠳᠠᠯᠳᠤᠬᠤ ᠵᠠᠮ ᠢᠶᠠᠷ ᠬᠥᠷᠥᠩᠭᠡ ᠣᠷᠣᠭᠤᠯᠤᠯᠲᠠ ᠲᠠᠲᠠᠬᠤ ᠠᠵᠢᠯᠯᠠᠭ᠎ᠠ ᠶᠢ᠂ ᠮᠥᠨ ᠪᠢᠲ᠋ᠺᠣᠶᠢᠨ ᠪᠣᠯᠤᠨ ᠪᠤᠰᠤᠳ ᠺᠷᠢᠫᠲ᠋ᠤ᠋ ᠸᠠᠯᠢᠶᠤᠲ  ᠲᠠᠢ ᠬᠣᠯᠪᠣᠭᠠᠲᠠᠢ ᠬᠤᠳᠠᠯᠳᠤᠭᠠᠨ ᠤ ᠠᠵᠢᠯᠯᠠᠭ᠎ᠠ ᠶᠠᠪᠤᠭᠤᠯᠬᠤ ᠶᠢ ᠬᠢᠲᠠᠳ ᠤᠨ ᠠᠷᠠᠳ ᠤᠨ ᠪᠠᠩᠬᠢ 2017 ᠣᠨ ᠤ ᠶᠢᠰᠦᠳᠦᠭᠡᠷ ᠰᠠᠷ᠎ᠠ ᠳᠤ ᠬᠣᠷᠢᠭᠯᠠᠵᠠᠢ᠃ ᠡᠨᠡᠬᠦ ᠰᠢᠢᠳᠪᠤᠷᠢ ᠲᠠᠢ ᠬᠣᠯᠪᠣᠭᠠᠲᠠᠢ ᠪᠠᠷ ᠲᠤᠰ ᠤᠯᠤᠰ ᠲᠤ ᠺᠷᠢᠫᠲ᠋ᠤ᠋ ᠸᠠᠯᠢᠶᠤᠲ ᠤᠨ 88 ᠪᠢᠷᠵᠢ ᠬᠠᠭᠠᠭᠳᠠᠵᠤ᠂ 85 ICO  ᠤᠨ ᠠᠵᠢᠯᠯᠠᠭ᠎ᠠ ᠵᠣᠭᠰᠣᠭᠰᠠᠨ ᠪᠠᠶᠢᠨ᠎ᠠ᠃ 2017 ᠣᠨ ᠤ ᠰᠡᠭᠦᠯᠴᠢ ᠡᠴᠡ ᠬᠣᠶᠢᠰᠢ ᠬᠢᠲᠠᠳ ᠤᠯᠤᠰ ᠺᠷᠢᠫᠲ᠋ᠤ᠋ ᠸᠠᠯᠢᠶᠤᠲ ᠤᠨ ᠭᠣᠣᠯ ᠵᠠᠬ᠎ᠠ ᠵᠡᠭᠡᠯᠢ

ᠶᠢᠨ ᠨᠢᠭᠡ ᠳᠦ ᠲᠣᠭᠠᠴᠠᠭᠳᠠᠵᠤ ᠪᠠᠶᠢᠪᠠ᠃ ᠬᠢᠲᠠᠳ ᠤᠨ ᠪᠣᠯᠤᠨ ᠭᠠᠳᠠᠭᠠᠳᠤ ᠶᠢᠨ ᠬᠡᠳᠦ ᠬᠡᠳᠦᠨ ᠬᠡᠪᠯᠡᠯ ᠳᠦ ᠮᠡᠳᠡᠭᠡᠯᠡᠭᠰᠡᠨ ᠢᠶᠡᠷ᠂ 2017 ᠣᠨ ᠤ ᠰᠡᠭᠦᠯᠴᠢ ᠡᠴᠡ ᠬᠣᠶᠢᠰᠢ ᠺᠷᠢᠫᠲ᠋ᠤ᠋ ᠸᠠᠯᠢᠶᠤᠲ ᠣᠯᠪᠤᠷᠢᠯᠠᠬᠤ ᠬᠦᠴᠦᠨ ᠴᠢᠳᠠᠯ ᠤᠨ 80 ᠣᠷᠴᠢᠮ ᠬᠤᠪᠢ ᠨᠢ ᠬᠢᠲᠠᠳ ᠲᠤ ᠪᠠᠶᠢᠷᠢᠯᠠᠵᠤ ᠪᠠᠶᠢᠵᠠᠢ ᠃

ᠰᠡᠳᠬᠢᠭᠳᠡᠯ ᠦᠯᠡᠳᠡᠭᠡᠬᠦ