︽ᠳᠡᠯᠡᠬᠡᠢ ᠶᠢᠨ ᠤᠷ᠎ᠠ ᠴᠢᠳᠠᠪᠤᠷᠢ-2019︾ ᠲᠡᠮᠡᠴᠡᠭᠡᠨ ᠣᠷᠣᠰ ᠤᠨ ᠺᠠᠽᠠᠨ ᠬᠤᠲᠠ ᠳᠤ ᠡᠨᠡ ᠰᠠᠷ᠎ᠠ ᠶᠢᠨ 22-28 ᠳᠦ ᠪᠣᠯᠤᠨ᠎ᠠ᠃ ᠮᠠᠨ ᠤ ᠤᠯᠤᠰ ᠠᠴᠠ ᠨᠠᠢᠮᠠᠨ ᠮᠡᠷᠭᠡᠵᠢᠯ ᠢᠶᠡᠷ ᠨᠠᠢᠮᠠᠨ ᠵᠠᠯᠠᠭᠤ ᠣᠷᠣᠯᠴᠠᠨ᠎ᠠ᠃
ᠡᠨᠡᠬᠦ ᠲᠡᠮᠡᠴᠡᠭᠡᠨ ᠳᠦ ᠮᠣᠩᠭᠣᠯ ᠤᠯᠤᠰ ᠢᠶᠠᠨ ᠲᠥᠯᠥᠭᠡᠯᠡᠨ ᠤᠷᠤᠯᠴᠠᠬᠤ ᠪᠠᠭ ᠲᠠᠮᠢᠷᠴᠢᠳ ᠢ ᠶᠡᠷᠦᠩᠬᠡᠢ ᠰᠠᠶᠢᠳ ᠤ᠊∙ ᠬᠦᠷᠡᠯᠰᠦ᠋ᠬᠡ ᠬᠦᠯᠢᠶᠡᠨ ᠠᠪᠴᠤ ᠠᠭᠤᠯᠵᠠᠨ ᠠᠮᠵᠢᠯᠲᠠ ᠬᠦᠰᠡᠯ᠎ᠡ᠃ ᠲᠡᠷᠡᠪᠡᠷ᠄ ᠮᠣᠩᠭᠣᠯ ᠤᠯᠤᠰ ᠲᠤ ᠮᠡᠷᠭᠡᠵᠢᠯ ᠦᠨ ᠪᠣᠯᠪᠠᠰᠤᠷᠠᠯ᠂ ᠰᠤᠷᠭᠠᠯᠲᠠ ᠶᠢᠨ ᠰᠠᠯᠪᠤᠷᠢ ᠪᠠᠷ ᠪᠡᠯᠡᠳᠬᠡᠭᠳᠡᠨ ᠭᠠᠷᠤᠭᠰᠠᠨ ᠮᠢᠩᠭ᠎ᠠ ᠮᠢᠩᠭᠠᠨ ᠮᠡᠷᠭᠡᠵᠢᠯ ᠲᠡᠢ ᠠᠵᠢᠯᠲᠠᠳ ᠡᠬᠡ ᠣᠷᠣᠨ ᠤ ᠪᠠᠨ ᠬᠥᠭᠵᠢᠯ ᠦᠨ ᠲᠡᠦᠬᠡᠨ ᠦᠶ᠎ᠡ ᠪᠦᠷᠢ ᠳᠦ ᠪᠣᠳᠠᠲᠠᠢ ᠬᠤᠪᠢ ᠨᠡᠮᠡᠷᠢ ᠣᠷᠣᠭᠤᠯᠤᠭᠰᠠᠭᠠᠷ ᠢᠷᠡᠭᠰᠡᠨ᠃
ᠮᠣᠩᠭᠣᠯ ᠤᠯᠤᠰ 2014 ᠣᠨ ᠳᠤ ᠳᠡᠯᠡᠬᠡᠢ ᠶᠢᠨ ᠤᠷ᠎ᠠ ᠴᠢᠳᠠᠪᠤᠷᠢ ᠶᠢᠨ ᠣᠯᠠᠨ ᠤᠯᠤᠰ ᠤᠨ ᠪᠠᠶᠢᠭᠤᠯᠤᠯᠭ᠎ᠠ ᠶᠢᠨ 69 ᠳ᠋ᠡᠬᠢ ᠭᠡᠰᠢᠭᠦᠨ ᠣᠷᠣᠨ ᠢᠶᠠᠷ ᠡᠯᠰᠡᠨ ᠣᠷᠣᠵᠤ᠂ ᠬᠣᠶᠠᠷ ᠵᠢᠯ ᠲᠤᠲᠤᠮ ᠵᠣᠬᠢᠶᠠᠨ ᠪᠠᠶᠢᠭᠤᠯᠤᠭᠳᠠᠳᠠᠭ ᠡᠨᠡᠬᠦ ᠲᠡᠮᠡᠴᠡᠭᠡᠨ ᠳᠦ ᠠᠩᠬ᠎ᠠ ᠤᠳᠠᠭ᠎ᠠ 2015 ᠣᠨ ᠳᠤ ᠣᠷᠣᠯᠴᠠᠭᠰᠠᠨ᠃ ᠬᠤᠶᠠᠳᠠᠬᠢ ᠤᠳᠠᠭ᠎ᠠ 2017 ᠣᠨ ᠳᠤ ᠣᠷᠣᠯᠴᠠᠬᠤ ᠳᠤ ᠪᠠᠨ ᠭᠠᠩᠨᠠᠭᠤᠷ ᠤᠨ ᠮᠡᠷᠭᠡᠵᠢᠯ ᠦᠨ ᠣᠷᠣᠯᠴᠠᠭᠴᠢ ᠲᠤᠰᠬᠠᠢ ᠪᠠᠶᠢᠷᠢ ᠍ ᠶᠢᠨ ᠱᠠᠩᠨᠠᠯ ᠬᠦᠷᠲᠡᠭᠰᠡᠨ ᠠᠮᠵᠢᠯᠲᠠ ᠶᠢ ᠶᠡᠷᠦᠩᠬᠡᠢ ᠰᠠᠶᠢᠳ ᠲᠡᠮᠳᠡᠭᠯᠡᠭᠡᠳ ᠮᠡᠷᠭᠡᠵᠢᠯ ᠦᠨ ᠪᠣᠯᠪᠠᠰᠤᠷᠠᠯ ᠤᠨ ᠰᠠᠯᠪᠤᠷᠢ ᠶᠢᠨ ᠰᠢᠯᠢᠳᠡᠭ ᠦᠨ ᠰᠢᠯᠢᠳᠡᠭ ᠣᠷᠣᠯᠴᠠᠭᠴᠢ ᠲᠠ ᠪᠦᠬᠦᠨ ᠮᠡᠷᠭᠡᠵᠢᠯ ᠦᠨ ᠤᠷ᠎ᠠ ᠴᠢᠳᠠᠪᠤᠷᠢ᠂ ᠮᠡᠳᠡᠯᠭᠡ᠂ ᠲᠤᠷᠰᠢᠯᠭ᠎ᠠ ᠪᠠᠨ ᠰᠣᠯᠢᠯᠴᠠᠨ᠂ ᠥᠪᠡᠷ ᠢ ᠪᠡᠨ ᠬᠠᠷᠠᠭᠤᠯᠬᠤ᠂ ᠥᠪᠡᠷ ᠢ ᠪᠡᠨ ᠰᠣᠷᠢᠵᠤ ᠨᠡᠭᠡᠭᠡᠬᠦ ᠡᠨᠡᠬᠦ ᠪᠣᠯᠤᠮᠵᠢ ᠪᠠᠨ ᠠᠰᠢᠭᠯᠠᠨ 2017 ᠣᠨ ᠤ ᠠᠮᠵᠢᠯᠲᠠ ᠪᠠᠨ ᠪᠠᠲᠤᠳᠬᠠᠨ᠂ ᠠᠬᠢᠭᠤᠯᠤᠨ᠎ᠠ ᠭᠡᠳᠡᠭ ᠲᠦ ᠨᠠᠶᠢᠳᠠᠵᠤ ᠢᠲᠡᠭᠡᠵᠦ ᠪᠠᠶᠢᠨ᠎ᠠ ᠭᠡᠯᠡ᠃ ︽ᠳᠡᠯᠡᠬᠡᠢ ᠶᠢᠨ ᠤᠷ᠎ᠠ ᠴᠢᠳᠠᠪᠤᠷᠢ-2019 ︾ ᠲᠡᠮᠡᠴᠡᠭᠡᠨ ᠳᠦ ᠤᠷ᠎ᠠ ᠴᠢᠳᠠᠪᠤᠷᠢ ᠪᠠᠨ ᠰᠣᠷᠢᠬᠤ ᠪᠠᠷ 60 ᠭᠠᠷᠤᠢ ᠤᠯᠤᠰ ᠣᠷᠣᠨ ᠤ 1300 ᠍ ᠊ᠭᠠᠳ ᠣᠷᠣᠯᠴᠠᠭᠴᠢ 50 ᠭᠠᠷᠤᠢ ᠮᠡᠷᠭᠡᠵᠢᠯ ᠦᠨ ᠲᠥᠷᠥᠯ ᠢᠶᠡᠷ ᠥᠷᠢᠰᠦᠯᠳᠦᠨ᠎ᠡ᠃