ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠥᠨᠥᠳᠥᠷ ︵2019.08.12︶ ᠠᠮᠧᠷᠢᠺᠠ ᠶᠢᠨ ᠰᠲ᠋ᠠᠨᠹᠤᠷᠳ᠋ ᠤᠨ ᠶᠡᠬᠡ ᠰᠤᠷᠭᠠᠭᠤᠯᠢ ᠶᠢᠨ ᠫᠷᠣᠹᠧᠰᠰᠣᠷ᠂ ᠰᠲ᠋ᠠᠨᠹᠤᠷᠳ᠋ ᠍ ᠤᠨ ᠾᠸᠫᠠᠲ᠋ᠢᠲ ᠪᠣᠯᠤᠨ ᠡᠯᠢᠭᠡᠨ ᠦ ᠡᠳ᠋ ᠍ ᠦᠨ ᠢᠨᠵᠧᠨᠧᠷᠴᠢᠯᠡᠯ ᠦᠨ ᠲᠥᠪ ᠦᠨ ᠵᠠᠬᠢᠷᠤᠯ ᠵᠧᠹᠹᠷᠢ ᠰ∙ ᠭᠯᠧᠨ ᠪᠣᠯᠤᠨ ᠮᠣᠩᠭᠣᠯ ᠤᠨ ᠡᠯᠢᠭᠡᠨ ᠦ ᠡᠮᠴᠢ ᠨᠠᠷ ᠤᠨ ᠨᠡᠶᠢᠭᠡᠮᠯᠢᠭ ᠦᠨ ᠶᠡᠷᠦᠩᠬᠡᠶᠢᠯᠡᠭᠴᠢ᠂ ᠠᠨᠠᠭᠠᠬᠤ ᠤᠬᠠᠭᠠᠨ ᠤ ᠳ᠋ᠣᠺᠲ᠋ᠣᠷ᠂ ᠫᠷᠣᠹᠧᠰᠰᠣᠷ᠂ ᠬᠦᠮᠦᠨ ᠦ ᠶᠡᠬᠡ ᠡᠮᠴᠢ ᠶ∙ᠳᠠᠭᠪᠠᠳᠣᠷᠵᠢ᠂ ︽ᠣᠨᠣᠮᠠ︾ ᠰᠠᠩ ᠤᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠳ∙ᠨᠠᠷᠠᠨᠪᠠᠭᠠᠲᠤᠷ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠶᠢᠨ ᠡᠬᠢᠨ ᠳᠦ ᠳ∙ᠨᠠᠷᠠᠨᠪᠠᠭᠠᠲᠤᠷ ᠡᠯᠢᠭᠡᠨ ᠦ ᠡᠪᠡᠳᠴᠢᠯᠡᠯ ᠦᠨ ᠲᠠᠷᠬᠠᠯᠲᠠ ᠪᠣᠯᠤᠨ ︽ᠡᠯᠢᠭᠡ ᠪᠦᠲᠦᠨ ᠮᠣᠩᠭᠣᠯ︾ ᠬᠥᠲᠥᠯᠪᠦᠷᠢ ᠶᠢᠨ ᠬᠦᠷᠢᠶᠡᠨ ᠳᠦ ᠬᠢᠭᠳᠡᠵᠦ ᠪᠤᠢ ᠠᠵᠢᠯ ᠤᠨ ᠲᠠᠯ᠎ᠠ ᠪᠠᠷ ᠲᠣᠪᠴᠢ ᠲᠠᠨᠢᠯᠴᠠᠭᠤᠯᠤᠭᠰᠠᠨ ᠶᠤᠮ᠃ ᠲᠡᠷᠡ ᠪᠡᠷ ᠄ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠠᠴᠠ ︽ᠡᠯᠢᠭᠡ ᠪᠦᠲᠦᠨ ᠮᠣᠩᠭᠣᠯ︾ ᠦᠨᠳᠦᠰᠦᠨ ᠦ ᠬᠥᠲᠥᠯᠪᠦᠷᠢ ᠶᠢᠨ ᠬᠡᠷᠡᠭᠵᠢᠯᠲᠡ ᠳᠦ ᠦᠨᠡᠯᠡᠭᠡ ᠬᠢᠬᠦ ᠪᠠᠭ ᠡᠨᠡ ᠳᠣᠯᠣᠭ᠎ᠠ ᠬᠣᠨᠣᠭ ᠲᠤ ᠢᠷᠡᠵᠦ ᠪᠠᠶᠢᠨ᠎ᠠ᠃ ᠺᠯᠢᠨᠢᠺ ᠤᠨ ᠭᠤᠷᠪᠠᠨ ᠰᠤᠳᠤᠯᠭᠠᠨ ᠤ ᠠᠵᠢᠯ ᠡᠬᠢᠯᠡᠬᠦ ᠪᠡᠷ ᠪᠡᠯᠡᠳᠬᠡᠯ ᠠᠵᠢᠯ ᠢᠶᠠᠨ ᠳᠠᠭᠤᠰᠬᠠᠭᠰᠠᠨ᠃ ᠡᠯᠢᠭᠡᠨ ᠦ C ᠸᠢᠷᠦ᠋ᠰ ᠦᠨ ᠠᠷᠬᠠᠭ ᠬᠠᠯᠳᠠᠪᠤᠷᠢᠲᠠᠢ ᠬᠦᠮᠦᠨ ᠦ ᠲᠣᠭ᠎ᠠ ᠤᠯᠠᠭᠠᠨᠪᠠᠭᠠᠲᠤᠷ ᠬᠤᠲᠠ ᠳᠤ 2018 ᠣᠨ ᠤ ᠨᠢᠭᠡᠳᠦᠭᠡᠷ ᠰᠠᠷ᠎ᠠ ᠶᠢᠨ ᠪᠠᠶᠢᠳᠠᠯ ᠢᠶᠠᠷ 2.3 ᠳᠠᠬᠢᠨ ᠪᠠᠭᠤᠷᠠᠭᠰᠠᠨ᠃ ᠨᠡᠶᠢᠲᠡ ᠲᠣᠭ᠎ᠠ ᠪᠠᠷ ᠠᠪᠴᠤ ᠦᠵᠡᠪᠡᠯ 62 ᠣᠷᠴᠢᠮ ᠮᠢᠩᠭᠠᠨ ᠬᠦᠮᠦᠨ ᠡᠳᠡᠭᠡᠭᠰᠡᠨ ᠪᠠᠶᠢᠨ᠎ᠠ᠃ ᠬᠠᠷᠢᠨ ᠡᠯᠢᠭᠡᠨ ᠦ B᠂ D ᠸᠢᠷᠦ᠋ᠰ ᠦᠨ ᠰᠢᠨ᠎ᠡ ᠡᠮᠴᠢᠯᠡᠭᠡ 23 ᠤᠯᠤᠰ ᠲᠤ ᠬᠢᠭᠳᠡᠵᠦ ᠪᠠᠶᠢᠨ᠎ᠠ᠃ ᠮᠠᠨ ᠤ ᠤᠯᠤᠰ ᠲᠤ ᠺᠯᠢᠨᠢᠺ ᠤᠨ ᠡᠮᠨᠡᠯ ᠵᠦᠢ ᠶᠢᠨ ᠰᠤᠳᠤᠯᠭᠠᠨ ᠤ ᠠᠵᠢᠯ ᠡᠬᠢᠯᠡᠬᠦ ᠭᠡᠵᠦ ᠪᠠᠶᠢᠭ᠎ᠠ᠃ ᠮᠥᠨ ᠡᠯᠢᠭᠡᠨ ᠦ ᠬᠣᠣᠷᠲᠤ ᠬᠠᠪᠤᠳᠠᠷ ᠤᠨ ᠡᠮᠴᠢᠯᠡᠭᠡᠨ ᠦ ᠲᠠᠯ᠎ᠠ ᠪᠠᠷ ᠥᠨᠥᠳᠥᠷ ᠰᠠᠯᠪᠤᠷᠢ ᠶᠢᠨ ᠰᠠᠶᠢᠳ ᠲᠤ ᠲᠠᠨᠢᠯᠴᠠᠭᠤᠯᠤᠯ᠎ᠠ᠃ ᠣᠯᠠᠨ ᠤᠯᠤᠰ ᠲᠤ ᠮᠠᠨ ᠤ ᠤᠯᠤᠰ ᠵᠢᠱᠢᠭ ᠪᠣᠯᠬᠤᠶᠢᠴᠠ ᠦᠵᠡᠭᠦᠯᠦᠯᠲᠡ ᠲᠡᠢ ᠪᠠᠶᠢᠭ᠎ᠠ᠃ ᠡᠨᠡ ᠡᠷᠴᠢ ᠪᠡᠨ ᠠᠯᠳᠠᠬᠤ ᠦᠭᠡᠢ ᠠᠵᠢᠯᠯᠠᠪᠠᠯ 2020 ᠣᠨ ᠤ ᠰᠡᠭᠦᠯᠡᠷ ᠡᠯᠢᠭᠡᠨ ᠦ C ᠸᠢᠷᠦ᠋ᠰ ᠦᠨ ᠭᠣᠯᠣᠮᠲᠠ ᠶᠢ 80-90 ᠬᠤᠪᠢ ᠬᠦᠷᠲᠡᠯ᠎ᠡ ᠪᠠᠭᠤᠷᠠᠭᠤᠯᠬᠤ ᠪᠣᠯᠤᠮᠵᠢ ᠲᠠᠢ ᠭᠡᠳ᠂ ᠡᠨᠡ ᠬᠥᠲᠥᠯᠪᠦᠷᠢ ᠶᠢ ᠴᠢᠨᠠᠭᠰᠢᠳᠠ ᠲᠣᠭᠲᠠᠪᠤᠷᠢᠲᠠᠢ ᠦᠷᠭᠦᠯᠵᠢᠯᠡᠭᠦᠯᠬᠦ᠂ ᠤᠯᠤᠰ ᠲᠥᠷᠥ ᠶᠢᠨ ᠨᠠᠮ ᠤᠳ ᠤᠨ ᠮᠥᠷ ᠦᠨ ᠬᠥᠲᠥᠯᠪᠦᠷᠢ ᠳᠦ ᠲᠤᠰᠬᠠᠭᠤᠯᠬᠤ ᠲᠠᠯ᠎ᠠ ᠳᠡᠭᠡᠷ᠎ᠡ ᠳᠡᠮᠵᠢᠯᠭᠡ ᠦᠵᠡᠭᠦᠯᠬᠦ ᠶᠢ ᠤᠯᠤᠰ ᠤᠨ ᠶᠡᠬᠡ ᠬᠤᠷᠠᠯ ᠤᠨ ᠳᠠᠷᠤᠭ᠎ᠠ ᠠᠴᠠ ᠬᠦᠰᠡᠪᠡ᠃
ᠳᠠᠷᠠᠭ᠎ᠠ ᠨᠢ ᠵᠧᠹᠹᠷᠢ ᠰ∙ ᠭᠯᠧᠨ ᠡᠯᠢᠭᠡᠨ ᠦ ᠬᠣᠣᠷᠲᠤ ᠬᠠᠪᠤᠳᠠᠷ ᠤᠨ ᠡᠰᠡᠷᠭᠦ ᠨᠡᠭᠡᠭᠡᠭᠰᠡᠨ ᠡᠮᠴᠢᠯᠡᠭᠡᠨ ᠦ ᠪᠡᠨ ᠲᠠᠯ᠎ᠠ ᠪᠠᠷ ᠲᠣᠪᠴᠢ ᠮᠡᠳᠡᠭᠡᠯᠡᠯ ᠥᠭᠪᠡ᠃ ᠲᠡᠷᠡᠪᠡᠷ᠂ ᠰᠡᠭᠦᠯ ᠦᠨ 30 ᠵᠢᠯ ᠦᠨ ᠲᠤᠷᠰᠢ ᠡᠯᠢᠭᠡᠨ ᠦ B᠂ D ᠸᠢᠷᠦ᠋ᠰ᠂ ᠡᠯᠢᠭᠡᠨ ᠦ ᠬᠣᠣᠷᠲᠤ ᠬᠠᠪᠤᠳᠠᠷ ᠢ ᠡᠮᠴᠢᠯᠡᠬᠦ ᠲᠠᠯ᠎ᠠ ᠪᠠᠷ ᠺᠯᠢᠨᠢᠺ ᠤᠨ ᠰᠤᠳᠤᠯᠭᠠᠨ ᠬᠢᠵᠦ ᠪᠠᠶᠢᠭ᠎ᠠ ᠠᠵᠠᠢ ᠃
ᠭ∙ᠽᠠᠨᠳᠠᠨᠰᠢᠲᠠᠷ᠎ᠠ᠄ ᠮᠣᠩᠭᠣᠯ ᠤᠯᠤᠰ ᠤᠨ ᠵᠠᠰᠠᠭ ᠤᠨ ᠭᠠᠵᠠᠷ ᠤᠨ 2016-2020 ᠣᠨ ᠤ ᠦᠢᠯᠡ ᠠᠵᠢᠯᠯᠠᠭᠠᠨ ᠤ ᠬᠥᠲᠥᠯᠪᠦᠷᠢ ᠳᠦ ᠡᠯᠢᠭᠡᠨ ᠦ ᠡᠪᠡᠳᠴᠢᠯᠡᠯ ᠢ ᠪᠠᠭᠤᠷᠠᠭᠤᠯᠬᠤ ᠪᠠᠷ ᠲᠤᠰᠬᠠᠭᠰᠠᠨ ᠤ ᠦᠨᠳᠦᠰᠦᠨ ᠳᠡᠭᠡᠷ᠎ᠡ ︽ᠡᠯᠢᠭᠡ ᠪᠦᠲᠦᠨ ᠮᠣᠩᠭᠣᠯ︾ ᠬᠥᠲᠥᠯᠪᠦᠷᠢ ᠶᠢ ᠬᠡᠷᠡᠭᠵᠢᠭᠦᠯᠵᠦ ᠪᠠᠶᠢᠨ᠎ᠠ᠃ ᠡᠨᠡ ᠬᠥᠲᠥᠯᠪᠦᠷᠢ ᠶᠢᠨ ᠬᠦᠷᠢᠶᠡᠨ ᠳᠦ ᠬᠢᠭᠳᠡᠵᠦ ᠪᠠᠶᠢᠭ᠎ᠠ ᠠᠵᠢᠯ ᠤᠳ ᠤᠨ ᠶᠠᠪᠤᠴᠠ᠂ ᠦᠷ᠎ᠡ ᠳ᠋ᠦᠩ ᠰᠠᠶᠢᠨ ᠪᠠᠶᠢᠭ᠎ᠠ ᠭᠡᠳ ᠰᠲ᠋ᠠᠨᠹᠤᠷᠳ᠋ ᠤᠨ ᠶᠡᠬᠡ ᠰᠤᠷᠭᠠᠭᠤᠯᠢ ᠪᠣᠯᠤᠨ ᠨᠣᠶᠠᠨ ᠵᠧᠹᠹᠷᠢ ᠰ∙ᠭᠯᠧᠨ ᠲᠡᠢ ᠡᠯᠢᠭᠡᠨ ᠦ ᠡᠪᠡᠳᠴᠢᠯᠡᠯ᠂ ᠡᠯᠢᠭᠡᠨ ᠦ ᠬᠣᠣᠷᠲᠤ ᠬᠠᠪᠤᠳᠠᠷ ᠢ ᠪᠠᠭᠤᠷᠠᠭᠤᠯᠬᠤ᠂ ᠡᠮᠴᠢᠯᠡᠬᠦ ᠴᠢᠭᠯᠡᠯ ᠢᠶᠡᠷ ᠪᠦᠬᠦᠢ ᠯᠠ ᠲᠠᠯ᠎ᠠ ᠪᠠᠷ ᠬᠠᠮᠲᠤᠷᠠᠨ ᠠᠵᠢᠯᠯᠠᠬᠤ ᠳᠤ ᠪᠡᠯᠡᠨ ᠪᠠᠶᠢᠭ᠎ᠠ ᠪᠠᠨ ᠢᠯᠡᠷᠬᠡᠶᠢᠯᠡᠪᠡ᠃