ᠠᠯᠲᠠᠨ ᠤ ᠬᠠᠩᠰᠢ 1500 ᠳ᠋ᠣᠯᠯᠠᠷ ᠳᠠᠪᠠᠯ᠎ᠠ  | News.MN

ᠠᠯᠲᠠᠨ ᠤ ᠬᠠᠩᠰᠢ 1500 ᠳ᠋ᠣᠯᠯᠠᠷ ᠳᠠᠪᠠᠯ᠎ᠠ 

2013 ᠣᠨ ᠠᠴᠠ ᠬᠣᠶᠢᠰᠢ ᠠᠩᠬ᠎ᠠ ᠤᠳᠠᠭ᠎ᠠ ᠤᠨᠼ ᠠᠯᠲᠠᠨ ᠤ ᠦᠨ᠎ᠡ 1500 ᠳ᠋ᠣᠯᠯᠠᠷ ᠠᠴᠠ ᠳᠠᠪᠠᠯ᠎ᠠ ᠭᠡᠵᠦ ︽ᠢᠨᠲ᠋ᠧᠷᠹᠠᠺᠰ ︾ ᠮᠡᠳᠡᠭᠡᠯᠡᠪᠡ᠃ ᠠᠮᠧᠷᠢᠺᠠ  ᠬᠢᠲᠠᠳ ᠬᠣᠭᠣᠷᠣᠨᠳᠣ ᠶᠢᠨ ᠬᠤᠳᠠᠯᠳᠤᠭᠠᠨ ᠤ ᠳᠠᠶᠢᠨ ᠬᠢᠭᠡᠳ ᠳᠡᠯᠡᠬᠡᠢ ᠶᠢᠨ ᠲᠡᠷᠢᠭᠦᠯᠡᠭᠴᠢ ᠣᠷᠣᠨ ᠨᠤᠭᠤᠳ ᠤᠨ ᠲᠥᠪ ᠪᠠᠩᠬᠢ ᠨᠤᠭᠤᠳ ᠮᠥᠩᠭᠥᠨ ᠦ ᠪᠣᠳᠣᠯᠭ᠎ᠠ ᠪᠠᠨ ᠵᠦᠭᠡᠯᠡᠷᠡᠭᠦᠯᠬᠦ ᠬᠦᠯᠢᠶᠡᠯᠲᠡ ᠡᠭᠦᠰᠦᠭᠰᠡᠨ ᠲᠡᠢ ᠬᠣᠯᠪᠣᠭᠠᠲᠠᠢ ᠪᠠᠷ ᠦᠨ᠎ᠡ ᠥᠰᠦᠭᠰᠡᠨ ᠭᠡᠵᠦ ᠦᠵᠡᠵᠦ ᠪᠠᠶᠢᠨ᠎ᠠ᠃
ᠥᠴᠥᠭᠡᠳᠦᠷ ᠨᠢᠦ᠋ ᠶᠤᠷᠺ ᠤᠨ Comex ᠪᠢᠷᠵᠢ ᠳᠦ ᠶᠠᠪᠤᠭᠳᠠᠭᠰᠠᠨ ᠠᠷᠠᠯᠵᠢᠶᠠᠨ ᠤ ᠦᠶ᠎ᠡ ᠪᠡᠷ ᠠᠯᠲᠠᠨ ᠤ ᠬᠠᠩᠰᠢ 1.3 ᠬᠤᠪᠢ ᠪᠠᠷ ᠦᠰᠴᠦ ᠂ ᠨᠢᠭᠡ ᠤᠨᠼ ᠨᠢ 1503.3 ᠳ᠋ᠣᠯᠯᠠᠷ ᠪᠣᠯᠵᠠᠢ᠃ ᠣᠨ ᠭᠠᠷᠤᠭᠰᠠᠨ ᠠᠴᠠ ᠬᠣᠶᠢᠰᠢ ᠦᠨᠡᠲᠦ ᠮᠧᠲ᠋ᠠᠯ ᠤᠨ ᠬᠠᠩᠰᠢ 17 ᠬᠤᠪᠢ ᠪᠠᠷ ᠥᠰᠦᠭᠡᠳ ᠪᠠᠶᠢᠨ᠎ᠠ᠃ ᠡᠨᠡ ᠣᠨ ᠤ ᠵᠢᠷᠭᠤᠳᠤᠭᠠᠷ ᠰᠠᠷ᠎ᠠ ᠳᠤ ᠠᠯᠲᠠᠨ ᠤ ᠦᠨ᠎ᠡ ᠰᠡᠭᠦᠯ ᠦᠨ ᠲᠠᠪᠤᠨ ᠵᠢᠯ ᠦᠨ ᠬᠤᠭᠤᠴᠠᠭᠠᠨ ᠳᠤ ᠳᠡᠭᠡᠳᠦ ᠴᠡᠭ ᠲᠦ ᠪᠡᠨ ᠬᠦᠷᠴᠦ ᠤᠨᠼ ᠨᠢ 1339.11 ᠳ᠋ᠣᠯᠯᠠᠷ ᠪᠣᠯᠤᠭᠰᠠᠨ ᠲᠠᠯ᠎ᠠ ᠪᠠᠷ ᠮᠡᠳᠡᠭᠡᠯᠡᠵᠦ ᠪᠠᠶᠢᠭᠰᠠᠨ ᠪᠢᠯᠡ᠃

ᠰᠡᠳᠬᠢᠭᠳᠡᠯ ᠦᠯᠡᠳᠡᠭᠡᠬᠦ