18 ᠮᠧᠲ᠋ᠷ ᠥᠨᠳᠥᠷ ᠮᠠᠶᠢᠳᠠᠷ ᠪᠤᠷᠬᠠᠨ ᠵᠠᠯᠠᠯ᠎ᠠ  | News.MN

18 ᠮᠧᠲ᠋ᠷ ᠥᠨᠳᠥᠷ ᠮᠠᠶᠢᠳᠠᠷ ᠪᠤᠷᠬᠠᠨ ᠵᠠᠯᠠᠯ᠎ᠠ 

ᠬᠣᠪᠳᠣ ᠠᠶᠢᠮᠠᠭ ᠤᠨ ᠭᠠᠩᠳᠠᠨ ᠫᠤᠩᠰᠤᠭ ᠴᠤᠶᠢᠯᠤᠨ ᠬᠡᠶᠢᠳ ᠲᠦ ᠪᠣᠷᠵᠢᠨ ᠴᠢᠯᠠᠭᠤ ᠪᠠᠷ ᠪᠦᠲᠦᠭᠡᠭᠰᠡᠨ 18 ᠮᠧᠲ᠋ᠷ ᠥᠨᠳᠥᠷ ᠮᠠᠶᠢᠳᠠᠷ ᠪᠤᠷᠬᠠᠨ ᠵᠠᠯᠠᠵᠤ ᠂ ᠣᠯᠠᠨ ᠲᠦᠮᠡᠨ ᠳᠦ ᠮᠠᠶᠢᠳᠠᠷ ᠪᠤᠷᠬᠠᠨ ᠤ ᠳᠦᠷᠢ ᠶᠢ ᠬᠠᠷᠠᠭᠤᠯᠵᠤ ᠰᠦᠰᠦᠭᠯᠡᠨ ᠵᠠᠯᠪᠠᠷᠢᠬᠤ ᠪᠣᠯᠤᠮᠵᠢ ᠶᠢ ᠣᠯᠭᠤᠵᠤ ᠪᠠᠶᠢᠨ᠎ᠠ᠃ ᠬᠣᠪᠳᠣ ᠠᠶᠢᠮᠠᠭ ᠤᠨ ᠭᠠᠭᠴᠠ ᠪᠤᠳ᠋ᠳ᠋ᠾᠠ ᠶᠢᠨ ᠱᠠᠰᠢᠨ ᠤ ᠬᠡᠶᠢᠳ ᠪᠣᠯ 108 ᠰᠤᠪᠤᠷᠭ᠎ᠠ᠂ ᠬᠦᠷᠳᠦ᠂ ᠬᠣᠶᠠᠷ ᠲᠣᠮᠣ ᠳᠤᠭᠠᠩ ᠲᠠᠢ ᠭᠠᠩᠳᠠᠨ ᠫᠤᠩᠰᠤᠭ ᠴᠤᠶᠢᠯᠤᠨ ᠬᠡᠶᠢᠳ ᠶᠤᠮ᠃ ᠲᠤᠰ ᠬᠡᠶᠢᠳ ᠦᠨ ᠴᠣᠭᠴᠢᠨ ᠳᠤᠭᠠᠩ ᠤᠨ ᠵᠡᠭᠦᠨ ᠲᠠᠯ᠎ᠠ ᠳᠤ ᠪᠠᠶᠢᠷᠢᠯᠠᠬᠤ ᠮᠠᠶᠢᠳᠠᠷ ᠪᠤᠷᠬᠠᠨ ᠨᠢ ᠰᠠᠭᠤᠭ᠎ᠠ ᠪᠠᠶᠢᠳᠠᠯ ᠢᠶᠠᠷ ᠪᠦᠲᠦᠭᠡᠭᠳᠡᠭᠰᠡᠨ ᠪᠥᠭᠡᠳ ᠮᠣᠩᠭᠣᠯ ᠳᠤ ᠬᠠᠮᠤᠭ ᠤᠨ ᠥᠨᠳᠥᠷ ᠲᠦ ᠣᠷᠣᠵᠤ ᠪᠠᠶᠢᠨ᠎ᠠ᠃
ᠮᠠᠶᠢᠳᠠᠷ ᠪᠤᠷᠬᠠᠨ ᠨᠢ ᠱᠠᠭᠵᠠᠮᠤᠨᠢ ᠶᠢᠨ ᠳᠠᠷᠠᠭ᠎ᠠ ᠽᠠᠮᠪᠤᠲᠢᠪ ᠲᠦ ᠵᠠᠯᠠᠷᠠᠨ ᠥᠪᠡᠷ ᠦᠨ ᠰᠤᠷᠭᠠᠯ ᠨᠣᠮ ᠢᠶᠠᠨ ᠳᠡᠯᠭᠡᠷᠡᠭᠦᠯᠦᠭᠰᠡᠨ ᠰᠠᠶᠢᠨ ᠴᠠᠭ ᠤᠨ  ᠲᠠᠪᠤᠳᠠᠬᠢ ᠪᠤᠷᠬᠠᠨ  ᠭᠡᠳᠡᠭ ᠃ ᠮᠠᠶᠢᠳᠠᠷ ᠬᠡᠮᠡᠬᠦ ᠨᠡᠷ᠎ᠡ ᠨᠢ ᠠᠰᠠᠷᠠᠯ ᠬᠠᠶᠢᠷ᠎ᠠ ᠶᠢᠨ ᠪᠤᠷᠬᠠᠨ᠂ ᠨᠠᠶᠢᠵᠠ ᠨᠥᠬᠥᠳ᠂ ᠨᠢᠭᠡᠳᠦᠮᠡᠯ ᠤᠬᠠᠭᠠᠨ ᠭᠡᠰᠡᠨ ᠤᠳᠬ᠎ᠠ ᠲᠠᠢ ᠃

ᠰᠡᠳᠬᠢᠭᠳᠡᠯ ᠦᠯᠡᠳᠡᠭᠡᠬᠦ