ᠤᠯᠢᠮᠫᠢᠺ  ᠤᠨ ᠲᠤᠭᠯᠠᠯᠲᠠ ᠳᠦ ᠮᠤᠩᠭᠤᠯᠴᠤᠳ ᠢ ᠤᠷᠤᠯᠴᠠᠭᠤᠯᠬᠤ ᠶᠢ ᠬᠦᠰᠡᠯ᠎ᠡ  | News.MN

ᠤᠯᠢᠮᠫᠢᠺ  ᠤᠨ ᠲᠤᠭᠯᠠᠯᠲᠠ ᠳᠦ ᠮᠤᠩᠭᠤᠯᠴᠤᠳ ᠢ ᠤᠷᠤᠯᠴᠠᠭᠤᠯᠬᠤ ᠶᠢ ᠬᠦᠰᠡᠯ᠎ᠡ 

ᠮᠣᠩᠭᠣᠯ ᠤᠯᠤᠰ ᠤᠨ ᠶᠡᠬᠡ ᠬᠤᠷᠠᠯ ᠤᠨ ᠭᠡᠰᠢᠭᠦᠨ᠂ ᠪᠣᠯᠪᠠᠰᠤᠷᠠᠯ᠂ ᠰᠤᠶᠤᠯ᠂ ᠰᠢᠨᠵᠢᠯᠡᠬᠦ ᠤᠬᠠᠭᠠᠨ᠂ ᠰᠫᠣᠷᠲ ᠤᠨ ᠶᠠᠮᠤᠨ ᠤ ᠰᠠᠶᠢᠳ ᠶᠣᠩᠳᠣᠩᠫᠡᠷᠡᠩᠯᠡᠢ ᠶᠢᠨ ᠪᠠᠭᠠᠲᠤᠷᠪᠢᠯᠢᠭ᠌ ᠲᠡᠷᠢᠭᠦᠲᠡᠢ ᠲᠥᠯᠥᠭᠡᠯᠡᠭᠴᠢᠳ ᠡᠨᠡ ᠳᠣᠯᠣᠭ᠎ᠠ ᠬᠣᠨᠣᠭ ᠲᠤ ᠶᠠᠫᠣᠨ ᠤᠯᠤᠰ ᠲᠤ ᠠᠵᠢᠯ ᠤᠨ ᠠᠶᠢᠯᠴᠢᠯᠠᠯ ᠬᠢᠵᠦ᠂ ᠣᠯᠠᠨ ᠠᠰᠠᠭᠤᠳᠠᠯ ᠢᠶᠠᠷ ᠴᠢᠬᠤᠯᠠ ᠠᠭᠤᠯᠵᠠᠯᠲᠠ  ᠬᠢᠯ᠎ᠡ᠃ ᠡᠨᠡ ᠦᠶ᠎ᠡ ᠪᠡᠷ ᠲᠤᠤᠺᠢᠤ᠋ ᠍ ᠶᠢᠨ ᠣᠯᠢᠮᠫ᠂ ᠫᠠᠷᠠᠯᠢᠮᠫ ᠤᠨ ᠠᠰᠠᠭᠤᠳᠠᠯ ᠡᠷᠬᠢᠯᠡᠭᠰᠡᠨ ᠰᠠᠶᠢᠳ ᠱᠦᠨᠢᠴᠢ ᠰᠤᠽᠤᠺᠢ ᠲᠡᠢ ᠠᠭᠤᠯᠵᠠᠵᠤ ᠂ ᠤᠯᠢᠮᠫᠢᠺ ᠤᠨ ᠨᠡᠭᠡᠭᠡᠯᠲᠡ᠂ ᠬᠠᠭᠠᠯᠲᠠ ᠶᠢᠨ ᠠᠯᠢ ᠨᠢᠭᠡ  ᠲᠤᠭᠯᠠᠯᠲᠠ ᠳᠤ ᠮᠣᠩᠭᠣᠯ ᠤᠨ ᠤᠷᠠᠨ ᠪᠦᠲᠦᠭᠡᠯᠴᠢᠳ ᠡᠴᠡ ᠣᠷᠤᠯᠴᠠᠭᠤᠯᠬᠤ ᠵᠡᠷᠭᠡ ᠠᠰᠠᠭᠤᠳᠠᠯ ᠢᠶᠠᠷ ᠰᠠᠨᠠᠯ ᠰᠣᠯᠢᠯᠴᠠᠭᠰᠠᠨ ᠪᠠᠶᠢᠨ᠎ᠠ᠃
ᠮᠥᠨ ᠤᠯᠢᠮᠫᠢᠺ  ᠤᠨ ᠨᠠᠭᠠᠳᠤᠮ ᠳᠤ ᠮᠣᠩᠭᠣᠯ ᠤᠨ ᠦᠨᠳᠦᠰᠦᠨ ᠦ ᠰᠢᠭᠰᠢᠭᠡ ᠪᠠᠭ ᠤᠨ ᠲᠠᠮᠢᠷᠴᠢᠳ  ︽ᠮᠢᠽᠤᠨᠤ᠋︾ ᠪᠷᠠᠨᠳ᠋ ᠤᠨ ᠬᠤᠪᠴᠠᠰᠤ ᠲᠠᠢ ᠣᠷᠣᠯᠴᠠᠬᠤ ᠪᠠᠷ ᠪᠣᠯᠵᠤ᠂ ᠭᠡᠷ᠎ᠡ ᠳᠦ ᠭᠠᠷ ᠤᠨ ᠦᠰᠦᠭ ᠵᠢᠷᠤᠯ᠎ᠠ᠃ ᠮᠠᠨ ᠤ ᠲᠠᠮᠢᠷᠴᠢᠳ ᠤᠨ ᠶᠣᠰᠣᠯᠠᠯ ᠤᠨ ᠬᠤᠪᠴᠠᠰᠤᠨ ᠤ ᠵᠠᠭᠪᠤᠷ ᠢ ᠮᠣᠩᠭᠣᠯ ᠤᠷᠠᠨ ᠪᠦᠲᠦᠭᠡᠯᠴᠢᠳ ᠭᠠᠷᠭᠠᠵᠤ᠂ ᠳᠣᠲᠣᠭᠠᠳᠤ ᠶᠢᠨ ᠺᠣᠮᠫᠠᠨᠢ ᠤᠷᠠᠯᠠᠬᠤ ᠶᠤᠮ ᠃

ᠰᠡᠳᠬᠢᠭᠳᠡᠯ ᠦᠯᠡᠳᠡᠭᠡᠬᠦ