︽ᠥᠨᠳᠡᠭᠡᠨ ᠲᠣᠯᠣᠭᠠᠶᠢᠲᠤ︾ ᠦᠵᠡᠭᠴᠢᠳ ᠦᠨ ᠬᠦᠷᠲᠡᠭᠡᠯ ᠪᠣᠯᠤᠨ᠎ᠠ  | News.MN

 ︽ᠥᠨᠳᠡᠭᠡᠨ ᠲᠣᠯᠣᠭᠠᠶᠢᠲᠤ︾ ᠦᠵᠡᠭᠴᠢᠳ ᠦᠨ ᠬᠦᠷᠲᠡᠭᠡᠯ ᠪᠣᠯᠤᠨ᠎ᠠ 

ᠤᠷᠠᠯᠢᠭ ᠤᠨ ᠶᠢᠷᠲᠢᠨᠴᠦ ᠳᠦ ᠰᠢᠨ᠎ᠡ ᠥᠩᠭᠡ ᠲᠥᠷᠬᠥ ᠨᠡᠮᠡᠵᠦ᠂ ᠳᠡᠯᠭᠡᠴᠡ ᠶᠢᠨ ᠪᠦᠲᠦᠭᠡᠯ ᠳᠦ ᠠᠮᠵᠢᠯᠲᠠ ᠭᠠᠷᠭᠠᠨ ᠶᠠᠪᠤᠭ᠎ᠠ ᠵᠠᠯᠠᠭᠤ ᠤᠷᠠᠨ ᠪᠦᠲᠦᠭᠡᠯᠴᠢᠳ ᠪᠣᠯᠬᠤ ᠤ᠊∙ᠴᠣᠭᠲᠤᠪᠠᠶᠠᠷ᠂ ᠭ ∙ᠯᠾᠬᠠᠪᠠᠴᠡᠷᠡᠨ ᠪᠤᠶᠤ ᠴᠣᠭᠲᠤ᠂ ᠵᠢᠭᠡ ᠬᠣᠶᠠᠷ ᠢ ᠮᠡᠳᠡᠬᠦ ᠦᠭᠡᠢ ᠬᠦᠮᠦᠨ ᠬᠣᠪᠣᠷ ᠪᠢᠵᠡ ᠡ᠃ ᠲᠡᠳᠡᠨ ᠦ ᠡᠮᠦᠨᠡᠬᠢ ᠳᠡᠯᠭᠡᠴᠡ ᠶᠢᠨ ᠪᠦᠲᠦᠭᠡᠯ ᠪᠣᠯᠬᠤ Bad Angel ᠨᠢ ᠡᠨᠡ ᠵᠢᠯ ᠦᠨ ᠺᠢᠨᠣ᠋ ᠦᠵᠡᠭᠦᠯᠦᠯᠭᠡ ᠳᠤ ᠥᠷᠢᠰᠦᠯᠳᠦᠭᠰᠡᠨ ᠡᠴᠡ ᠭᠠᠳᠠᠨ᠎ᠠ ᠰᠡᠭᠦᠯ ᠦᠨ ᠬᠣᠶᠠᠷ ᠵᠢᠯ ᠳᠦ ᠬᠢᠭᠳᠡᠭᠰᠡᠨ ᠮᠣᠩᠭᠣᠯ ᠺᠢᠨᠤ᠋ ᠨᠤᠭᠤᠳ ᠠᠴᠠ  ᠦᠵᠡᠭᠰᠡᠨ ᠬᠦᠮᠦᠨ ᠦ ᠲᠤᠭ᠎ᠠ ᠪᠠᠷ ᠢᠶᠠᠨ ᠭᠤᠷᠪᠠ ᠳᠤ  ᠰᠢᠯᠭᠠᠷᠠᠵᠤ᠂ ᠴᠢᠨᠠᠭᠰᠢᠯᠠᠭᠠᠳ ᠶᠠᠫᠣᠨ᠂ ᠰᠤᠯᠤᠩᠭᠤᠰ ᠲᠤ ᠠᠮᠢᠳᠤᠷᠠᠵᠤ ᠪᠠᠶᠢᠭ᠎ᠠ ᠮᠣᠩᠭᠣᠯᠴᠤᠳ ᠲᠤ ᠬᠦᠷᠦᠭᠰᠡᠨ᠃
ᠲᠡᠳᠡᠨ ᠦ ᠬᠠᠮᠲᠤᠷᠠᠭᠰᠠᠨ ᠬᠤᠶᠠᠳᠠᠬᠢ ᠤᠷᠠᠨ ᠰᠠᠶᠢᠬᠠᠨ ᠤ ᠺᠢᠨᠣ᠋  ︽ᠥᠨᠳᠡᠭᠡᠨ ᠲᠣᠯᠣᠭᠠᠶᠢᠲᠤ︾ ᠥᠨᠥ ᠶᠢᠨ ᠮᠣᠩᠭᠣᠯ ᠳᠤ ᠲᠤᠯᠭᠠᠮᠳᠠᠭᠠᠳ ᠪᠠᠶᠢᠭ᠎ᠠ ᠬᠣᠣᠷᠲᠤ ᠬᠠᠪᠤᠳᠠᠷ ᠤᠨ ᠠᠰᠠᠭᠤᠳᠠᠯ ᠢ ᠬᠥᠨᠳᠡᠵᠦ᠂ ᠡᠨᠡ ᠡᠪᠡᠳᠴᠢᠨ ᠢᠶᠡᠷ ᠰᠢᠨᠠᠯᠵᠤ ᠪᠠᠶᠢᠭ᠎ᠠ ᠬᠦᠮᠦᠰ ᠲᠦ ᠢᠲᠡᠭᠡᠯ ᠥᠭᠴᠦ᠂ ᠢᠨᠢᠶᠡᠳᠦ ᠬᠦᠷ ᠪᠡᠯᠡᠭᠯᠡᠨ ᠡᠪᠡᠳᠴᠢᠨ ᠢᠶᠡᠨ ᠢᠯᠠᠬᠤ ᠳᠤ ᠨᠢ ᠳᠡᠮ ᠪᠣᠯᠵᠤ ᠤᠷᠮ᠎ᠠ ᠥᠭᠬᠦ ᠳᠦ ᠣᠷᠣᠰᠢᠵᠠᠢ ᠃ ᠤᠭ ᠪᠦᠲᠦᠭᠡᠯ ᠨᠢ ᠡᠨᠡ ᠰᠠᠷ᠎ᠠ ᠶᠢᠨ 22 ᠍ ᠳᠦ ᠤᠯᠠᠭᠠᠨᠪᠠᠭᠠᠲᠤᠷ ᠲᠦ ᠨᠡᠭᠡᠭᠡᠯᠲᠡ ᠪᠡᠨ ᠬᠢᠵᠦ᠂ 21 ᠦᠨ ᠠᠶᠢᠮᠠᠭ ᠢᠶᠠᠷ ᠭᠠᠷᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ