︽ᠲᠠᠯ᠎ᠠ ᠨᠤᠲᠤᠭ ᠤᠨ ᠰᠤᠶᠤᠯ︾ ᠠᠷᠭ᠎ᠠ ᠬᠡᠮᠵᠢᠶ᠎ᠡ ᠪᠤᠯᠪᠠ | News.MN

 ︽ᠲᠠᠯ᠎ᠠ ᠨᠤᠲᠤᠭ ᠤᠨ ᠰᠤᠶᠤᠯ︾ ᠠᠷᠭ᠎ᠠ ᠬᠡᠮᠵᠢᠶ᠎ᠡ ᠪᠤᠯᠪᠠ

︽ᠲᠠᠯ᠎ᠠ ᠨᠤᠲᠤᠭ ᠤᠨ ᠰᠤᠶᠤᠯ︾ ᠠᠶᠠᠯᠠᠯ ᠵᠢᠭᠤᠯᠴᠢᠯᠠᠯ ᠤᠨ ᠠᠷᠭ᠎ᠠ ᠬᠡᠮᠵᠢᠶ᠎ᠡ ᠶᠢ ᠥᠩᠭᠡᠷᠡᠭᠰᠡᠨ ᠠᠮᠠᠷᠠᠯᠲᠠ ᠶᠢᠨ ᠡᠳᠦᠷ ᠪᠤᠶᠤ 08 ᠳ᠋ᠤᠭᠠᠷ ᠰᠠᠷ᠎ᠠ ᠶᠢᠨ 04 ᠤ ᠡᠳᠦᠷ ᠨᠠᠶᠢᠷᠠᠮᠳᠠᠯ ᠫᠠᠷᠺ ᠲᠤ ᠪᠣᠯᠤᠭᠰᠠᠨ ᠪᠥᠭᠡᠳ ᠰᠠᠶᠢᠬᠠᠨ ᠦᠨᠳᠦᠰᠦᠨ ᠦ ᠬᠤᠪᠴᠠᠰᠤ ᠲᠠᠢ ᠤᠷᠤᠯᠴᠠᠭᠰᠠᠳ ᠢ ᠰᠣᠩᠭᠣᠨ ᠰᠢᠯᠭᠠᠷᠠᠭᠤᠯᠤᠭᠰᠠᠨ ᠶᠤᠮ᠃ ᠮᠥᠨ ᠬᠠᠯᠬ᠎ᠠ᠂ ᠪᠤᠷᠢᠶᠠᠳ᠂ ᠪᠠᠷᠭᠤ᠂ ᠦᠵᠦᠮᠦᠴᠢᠨ ᠶᠠᠰᠤᠲᠠᠨ ᠤ ᠵᠠᠩ ᠵᠠᠩᠰᠢᠯ᠂ ᠥᠪ ᠤᠯᠠᠮᠵᠢᠯᠠᠯ ᠢ ᠬᠠᠷᠠᠭᠤᠯᠤᠭᠰᠠᠨ 4 ᠣᠲᠣᠭ ᠠᠵᠢᠯᠯᠠᠵᠤ᠂ ᠤᠯᠠᠮᠵᠢᠯᠠᠯᠲᠤ ᠪᠥᠬᠡ᠂ ᠰᠤᠷ᠂ ᠲᠣᠭᠯᠠᠭᠠᠮ ᠨᠠᠭᠠᠳᠤᠭᠠᠢ᠂ ᠳᠡᠪᠡᠯ ᠤᠷᠠᠯᠢᠭ᠂ ᠢᠵᠠᠭᠤᠷ ᠤᠷᠠᠯᠢᠭ᠂ ᠤᠷᠠᠨ ᠪᠢᠴᠢᠯᠭᠡ ᠪᠡᠨ ᠢᠷᠭᠡᠳ᠂ ᠠᠶᠠᠯᠠᠭᠴᠢᠳ ᠲᠤ ᠰᠣᠨᠢᠷᠬᠠᠭᠤᠯᠵᠤ ᠥᠪᠡᠷᠰᠡᠳ ᠦᠨ ᠣᠨᠴᠠᠯᠢᠭ ᠢ ᠬᠠᠷᠠᠭᠤᠯᠤᠭᠰᠠᠨ ᠤᠷᠠᠯᠢᠭ ᠤᠨ ᠨᠣᠮᠧᠷ ᠤᠳ ᠢ ᠢᠷᠭᠡᠳ ᠲᠦ ᠰᠣᠨᠢᠷᠬᠠᠭᠤᠯᠤᠭᠰᠠᠨ ᠶᠤᠮ᠃
ᠮᠦᠨ ᠰᠠᠶᠢᠬᠠᠨ ᠬᠠᠯᠬ᠎ᠠ ᠦᠨᠳᠦᠰᠦᠨ ᠦ ᠬᠤᠪᠴᠠᠰᠤ ᠲᠠᠢ ᠭᠡᠷ ᠪᠦᠯᠢ ᠂ ᠡᠷᠡᠭᠲᠡᠢ ᠂ ᠡᠮᠡᠭᠲᠡᠢ ᠂ ᠬᠡᠦᠬᠡᠳ︔ ᠰᠠᠶᠢᠬᠠᠨ ᠪᠤᠷᠢᠶᠠᠳ ᠦᠨᠳᠦᠰᠦᠨ ᠦ ᠬᠤᠪᠴᠠᠰᠤ ᠲᠠᠢ ᠭᠡᠷ ᠪᠦᠯᠢ᠂ ᠡᠷᠡᠭᠲᠡᠢ᠂ ᠡᠮᠡᠭᠲᠡᠢ ︔ ᠰᠠᠶᠢᠬᠠᠨ ᠪᠠᠷᠭᠤ ᠦᠨᠳᠦᠰᠦᠨ ᠦ ᠬᠤᠪᠴᠠᠰᠤ ᠲᠠᠢ ᠭᠡᠷ ᠪᠦᠯᠢ᠂ ᠡᠷᠡᠭᠲᠡᠢ᠂ ᠡᠮᠡᠭᠲᠡᠢ︔ ᠰᠠᠶᠢᠬᠠᠨ ᠦᠵᠦᠮᠦᠴᠢᠨ ᠦᠨᠳᠦᠰᠦᠨ ᠦ ᠬᠤᠪᠴᠠᠰᠤ ᠲᠠᠢ ᠭᠡᠷ ᠪᠦᠯᠢ᠂ ᠡᠷᠡᠭᠲᠡᠢ᠂ ᠡᠮᠡᠭᠲᠡᠢ᠂ ᠬᠡᠤᠬᠡᠳ ᠢ ᠲᠤᠰ ᠲᠤᠰ ᠰᠢᠯᠭᠠᠷᠠᠭᠤᠯᠤᠯ᠎ᠠ ᠃

ᠰᠡᠳᠬᠢᠭᠳᠡᠯ ᠦᠯᠡᠳᠡᠭᠡᠬᠦ