ᠬᠦᠭᠡᠮᠢᠴᠢ ᠰᠡᠩᠭᠡᠳᠣᠷᠵᠢ ᠵᠤᠰᠠᠯᠠᠩ ᠤᠨ ᠠᠶᠢᠯ ᠤᠳ ᠢ ᠦᠯᠢᠭᠡᠷᠯᠡᠵᠡᠢ  | News.MN

 ᠬᠦᠭᠡᠮᠢᠴᠢ ᠰᠡᠩᠭᠡᠳᠣᠷᠵᠢ ᠵᠤᠰᠠᠯᠠᠩ ᠤᠨ ᠠᠶᠢᠯ ᠤᠳ ᠢ ᠦᠯᠢᠭᠡᠷᠯᠡᠵᠡᠢ 

ᠮᠠᠨ ᠤ ᠤᠯᠤᠰ ᠤᠨ ᠨᠡᠷᠡᠲᠦ ᠬᠥᠭᠡᠮᠢᠴᠢ ᠨ∙ᠰᠡᠩᠭᠡᠳᠣᠷᠵᠢ ᠭᠤᠸᠠᠢ ᠶᠢᠨ ᠬᠢ  ᠬᠤᠪᠳᠤ ᠠᠶᠢᠮᠠᠭ ᠤᠨ ᠪᠤᠶᠠᠨᠲᠤ ᠭᠣᠣᠯ ᠢᠶᠠᠨ ᠳᠠᠭᠠᠨ ᠵᠤᠰᠠᠵᠤ ᠪᠠᠶᠢᠨ᠎ᠠ᠃ ᠲᠡᠳᠡᠨ ᠦ ᠬᠢ ᠪᠡᠷ ᠪᠠᠭᠤᠪᠠ᠃ ᠰᠡᠭᠦᠯ ᠦᠨ 10 ᠭᠠᠷᠤᠢ ᠵᠢᠯ ᠦᠨ ᠲᠤᠷᠰᠢ ᠪᠤᠶᠠᠨᠲᠤ ᠭᠣᠣᠯ ᠤᠨ ᠢᠶᠠᠨ ᠡᠷᠭᠢ ᠪᠡᠷ ᠵᠤᠰᠠᠵᠤ ᠪᠠᠶᠢᠭ᠎ᠠ ᠰᠡᠩᠭᠡᠳᠣᠷᠵᠢ ᠭᠤᠸᠠᠢ ᠠᠶᠢᠯ ᠬᠥᠷᠰᠢ ᠲᠡᠢ ᠪᠡᠨ ᠨᠡᠶᠢᠯᠡᠨ ᠣᠷᠴᠢᠨ ᠲᠣᠭᠣᠷᠢᠨ ᠢᠶᠠᠨ ᠴᠡᠮᠪᠡᠶᠢᠯᠭᠡᠵᠦ᠂ ᠪᠠᠶᠢᠭᠠᠯᠢ ᠶᠢᠨ ᠰᠠᠶᠢᠬᠠᠨ ᠳᠤ ᠨᠣᠭᠣᠭᠠᠨ ᠵᠦᠯᠭᠡ ᠳᠡᠭᠡᠷ᠎ᠡ ᠴᠡᠪᠡᠷ ᠴᠡᠮᠴᠡᠭᠡᠷ ᠠᠵᠤ ᠲᠦᠷᠦᠵᠦ ᠪᠠᠶᠢᠨ᠎ᠠ᠃
ᠵᠤᠰᠠᠯᠠᠩ ᠤᠨ ᠬᠢᠨ ᠨᠣᠭᠣᠭᠠᠨ ᠵᠦᠯᠭᠡ ᠳᠡᠭᠡᠷ᠎ᠡ ᠮᠠᠰᠢᠨ ᠢᠶᠠᠨ ᠪᠠᠶᠢᠷᠢᠰᠢᠭᠤᠯᠵᠤ᠂ ᠭᠠᠵᠠᠷ ᠤᠨ ᠬᠥᠷᠥᠰᠥ ᠶᠢ ᠭᠡᠮᠲᠦᠭᠡᠵᠦ ᠪᠠᠶᠢᠭ᠎ᠠ ᠪᠣᠯ ᠲᠡᠳᠡᠨ ᠦ ᠬᠢᠨ ᠮᠠᠰᠢᠨ ᠤ ᠵᠤᠭᠰᠤᠭᠠᠯ ᠲᠠᠢ ᠭᠡᠨ᠎ᠡ᠃ ᠤᠷᠴᠢᠨ ᠳᠤ ᠪᠠᠨ ᠰᠢᠷᠬᠡᠭ ᠴᠤ ᠬᠣᠭ ᠬᠠᠶᠠᠳᠠᠭ ᠦᠭᠡᠢ ᠲᠡᠳᠦᠢ ᠦᠭᠡᠢ ᠂ ᠪᠣᠬᠢᠷ ᠤᠰᠤ ᠪᠠᠨ ᠵᠦᠯᠭᠡᠨ ᠳᠡᠭᠡᠷ᠎ᠡ ᠠᠰᠬᠠᠳᠠᠭ ᠦᠭᠡᠢ ᠭᠡᠬᠦ  ᠮᠣᠩᠭᠣᠯ ᠠᠷᠭ᠎ᠠ ᠪᠠᠷ ᠠᠬᠤᠢ ᠶᠢᠨ ᠨᠥᠬᠥᠴᠡᠯ ᠳᠦ ᠲᠣᠬᠢᠷᠠᠭᠰᠠᠨ  ᠤᠭᠢᠶᠠᠯᠲᠤᠭᠤᠷ  ᠪᠠᠶᠢᠷᠢᠰᠢᠭᠤᠯᠵᠠᠢ᠃ ᠪᠠᠷᠢᠭᠰᠠᠨ ᠭᠡᠷ ᠦᠳ ᠨᠢ ᠴᠡᠮᠴᠡᠭᠡᠷ ᠠᠭᠠᠳ ᠳᠡᠷᠭᠡᠳᠡ ᠪᠡᠨ ᠠᠦ᠋ᠲ᠋ᠣᠪᠦ᠋ᠰ ᠢᠶᠠᠷ ᠵᠤᠨ ᠤ ᠲᠣᠬᠢᠯᠢᠭ ᠰᠠᠭᠤᠴᠠ ᠬᠢᠭᠰᠡᠨ ᠬᠠᠷᠠᠭᠳᠠᠨ᠎ᠠ᠃ ᠡᠭᠦᠨ ᠦ ᠵᠡᠷᠭᠡᠴᠡᠭᠡ ᠣᠶᠢᠷ᠎ᠠ ᠣᠷᠴᠢᠮ ᠤᠨ ᠠᠶᠢᠯ᠂ ᠵᠠᠷᠢᠮ ᠢᠷᠭᠡᠳ ᠪᠠᠶᠢᠭᠠᠯᠢ ᠳᠤ ᠰᠥᠷᠭᠦ ᠦᠢᠯᠡᠳᠦᠯ ᠬᠢᠭᠰᠡᠨ ᠲᠣᠬᠢᠶᠠᠯᠳᠤᠯ ᠳᠤ ᠵᠠᠯᠠᠷᠠᠭᠤᠯᠬᠤ ᠶᠢ ᠤᠷᠢᠶᠠᠯᠠᠳᠠᠭ᠂ ᠱᠠᠭᠠᠷᠳᠠᠯᠭ᠎ᠠ ᠲᠠᠯᠪᠢᠳᠠᠭ ᠠᠵᠠᠢ᠃

ᠰᠡᠳᠬᠢᠭᠳᠡᠯ ᠦᠯᠡᠳᠡᠭᠡᠬᠦ