ᠭᠠᠩᠨᠠᠭᠤᠷᠴᠢᠳ ᠣᠯᠠᠨ ᠤᠯᠤᠰ ᠤᠨ ᠦᠨᠡᠮᠯᠡᠬᠦ ᠲᠠᠢ ᠲᠡᠭᠦᠰᠴᠦ ᠪᠠᠶᠢᠨ᠎ᠠ  | News.MN

 ᠭᠠᠩᠨᠠᠭᠤᠷᠴᠢᠳ ᠣᠯᠠᠨ ᠤᠯᠤᠰ ᠤᠨ ᠦᠨᠡᠮᠯᠡᠬᠦ ᠲᠠᠢ ᠲᠡᠭᠦᠰᠴᠦ ᠪᠠᠶᠢᠨ᠎ᠠ 

ᠡᠮᠦᠨᠡᠭᠣᠪᠢ ᠠᠶᠢᠮᠠᠭ ᠤᠨ ᠫᠣᠯᠢᠲ᠋ᠧᠭᠨᠢᠭ ᠺᠣᠯᠯᠧᠵᠢ ᠶᠢᠨ ᠭᠠᠩᠨᠠᠭᠤᠷ ᠤᠨ ᠠᠩᠬᠢ ᠶᠢᠨ  ᠤᠶᠤᠲᠠᠳ ᠣᠯᠠᠨ ᠤᠯᠤᠰ ᠤᠨ ᠭᠡᠷᠡᠴᠢᠯᠡᠭᠡ ᠲᠠᠢ ᠲᠡᠭᠦᠰᠴᠦ ᠪᠠᠶᠢᠨ᠎ᠠ᠃ ᠺᠣᠯᠯᠧᠵᠢ ᠨᠢ ᠭᠠᠩᠨᠠᠭᠤᠷ ᠤᠨ ᠮᠡᠷᠭᠡᠵᠢᠯ ᠣᠯᠭᠣᠬᠤ ᠨᠢᠭᠡ ᠵᠢᠯ ᠦᠨ ᠰᠤᠷᠭᠠᠯᠲᠠ ᠶᠢ ᠠᠮᠵᠢᠯᠲᠠ ᠲᠠᠢ ᠶᠠᠪᠤᠭᠤᠯᠵᠤ ᠬᠣᠶᠠᠷ ᠵᠢᠯ ᠦᠨ ᠬᠤᠭᠤᠴᠠᠭᠠᠨ ᠳᠤ ᠨᠡᠶᠢᠲᠡ 34 ᠣᠶᠤᠲᠠᠨ ᠢ ᠭᠠᠩᠨᠠᠭᠤᠷ ᠤᠨ ᠣᠯᠠᠨ ᠤᠯᠤᠰ ᠤᠨ ᠰᠲ᠋ᠠᠨᠳᠠᠷᠲ ᠤᠨ ᠮᠡᠳᠡᠯᠭᠡ ᠤᠷ᠎ᠠ ᠴᠢᠳᠠᠪᠤᠷᠢ ᠳᠤ ᠰᠤᠷᠭᠠᠵᠠᠢ᠃ ᠡᠨᠡ ᠠᠩᠭᠢ ᠶᠢ ᠳᠦᠭᠦᠷᠭᠡᠭᠰᠡᠨ ᠵᠠᠯᠠᠭᠤᠰ ᠭᠠᠩᠨᠠᠭᠤᠷ᠂ ᠬᠠᠭᠠᠰ ᠠᠦ᠋ᠲ᠋ᠣᠮᠠᠲ ᠭᠠᠩᠨᠠᠭᠤᠷ᠂ ᠭᠠᠷ ᠨᠤᠮᠤᠨ ᠭᠠᠩᠨᠠᠭᠤᠷ ᠤᠨ ᠤᠷ᠎ᠠ ᠴᠢᠳᠠᠪᠤᠷᠢ ᠲᠠᠢ ᠪᠣᠯᠵᠤ ᠪᠠᠶᠢᠭ᠎ᠠ ᠶᠤᠮ᠃ ᠡᠮᠦᠨᠡᠭᠣᠪᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠤᠭ᠍ᠶᠤᠲᠤᠯᠤᠭᠠᠢ ᠺᠣᠮᠫᠠᠨᠢ ᠬᠣᠭᠣᠷᠣᠨᠳᠣ ᠶᠢᠨ ᠬᠠᠮᠲᠤ ᠶᠢᠨ ᠠᠵᠢᠯᠯᠠᠭᠠᠨ ᠤ ᠬᠦᠷᠢᠶᠡᠨ ᠳᠦ ᠣᠷᠣᠨ ᠨᠤᠲᠤᠭ ᠤᠨ ᠢᠷᠭᠡᠳ ᠢ ᠠᠵᠢᠯ ᠮᠡᠷᠭᠡᠵᠢᠯ ᠲᠡᠢ ᠪᠣᠯᠭᠠᠬᠤ ᠰᠠᠨᠠᠮᠵᠢ ᠪᠢᠴᠢᠭ ᠪᠠᠶᠢᠭᠤᠯᠤᠭᠰᠠᠨ᠃
ᠰᠠᠨᠠᠮᠵᠢ ᠪᠢᠴᠢᠭ ᠦᠨ ᠬᠦᠷᠢᠶᠡᠨ ᠳᠦ ᠤᠭ᠍ᠶᠤᠲᠤᠯᠤᠭᠠᠢ ᠺᠣᠮᠫᠠᠨᠢ ᠶᠢᠨ ᠰᠤᠷᠭᠠᠯᠲᠠ ᠶᠢᠨ ᠬᠡᠯᠲᠡᠰ᠂ ︽ᠰᠦᠪᠡᠭᠡᠳᠡᠢ ᠮᠠᠶᠢᠨᠢᠨ ᠰᠧᠷᠠᠸᠢᠰ︾ ᠺᠤᠮᠫᠠᠨᠢ᠂ ᠡᠮᠦᠨᠡᠭᠣᠪᠢ ᠠᠶᠢᠮᠠᠭ ᠤᠨ ᠫᠣᠯᠢᠲ᠋ᠧᠭᠨᠢᠭ ᠺᠣᠯᠯᠧᠵᠢ ᠬᠠᠮᠲᠤᠷᠠᠨ ᠤᠭ ᠰᠤᠷᠭᠠᠯᠲᠠ ᠶᠢ ᠶᠠᠪᠤᠭᠤᠯᠵᠤ ᠪᠠᠶᠢᠭ᠎ᠠ ᠪᠥᠭᠡᠳ ᠰᠤᠷᠭᠠᠯᠲᠠ ᠦᠨ᠎ᠡ ᠲᠥᠯᠦᠪᠦᠷᠢ ᠦᠭᠡᠢ ᠲᠡᠳᠦᠢ ᠦᠭᠡᠢ ᠰᠤᠷᠤᠯᠴᠠᠭᠴᠢ ᠰᠤᠷᠬᠤ ᠬᠤᠭᠤᠴᠠᠭᠠᠨ ᠳᠤ ᠪᠠᠨ ᠰᠠᠷ᠎ᠠ ᠪᠦᠷᠢ 100000 ᠲᠥᠭᠥᠷᠢᠭ ᠦᠨ ᠲᠡᠳᠬᠦᠯᠭᠡ ᠠᠪᠴᠤ ᠪᠠᠶᠢᠨ᠎ᠠ᠃ ᠲᠡᠭᠦᠰᠦᠭᠴᠢᠳ ᠦᠨ 70-80 ᠬᠤᠪᠢ ᠨᠢ ᠤᠭ᠍ᠶᠤᠲᠤᠯᠤᠭᠠᠢ ᠪᠣᠯᠤᠨ ᠪᠤᠰᠤᠳ ᠺᠣᠮᠫᠠᠨᠢ ᠳᠤ ᠦᠨᠳᠦᠰᠦᠨ ᠠᠵᠢᠯᠴᠢᠨ ᠢᠶᠠᠷ ᠠᠵᠢᠯᠯᠠᠳᠠᠭ ᠃

ᠰᠡᠳᠬᠢᠭᠳᠡᠯ ᠦᠯᠡᠳᠡᠭᠡᠬᠦ