ᠳᠠᠮᠪᠠᠳᠠᠷᠵᠠᠯᠢᠨ ‍ᠣ ᠳᠡᠷᠭᠡᠳᠡ ᠴᠡᠴᠡᠷᠯᠢᠭᠲᠦ ᠬᠦᠷᠢᠶᠡᠯᠡᠩ ᠪᠠᠶᠢᠭᠤᠯᠵᠠᠢ  | News.MN

 ᠳᠠᠮᠪᠠᠳᠠᠷᠵᠠᠯᠢᠨ ‍ᠣ ᠳᠡᠷᠭᠡᠳᠡ ᠴᠡᠴᠡᠷᠯᠢᠭᠲᠦ ᠬᠦᠷᠢᠶᠡᠯᠡᠩ ᠪᠠᠶᠢᠭᠤᠯᠵᠠᠢ 

ᠳᠤᠮᠳᠠᠭᠤᠪᠢ ᠠᠶᠢᠮᠠᠭ ᠤᠨ ᠡᠷᠳᠡᠨᠢᠳᠠᠯᠠᠢ ᠰᠤᠮᠤ ᠶᠢᠨ ᠤᠭᠲᠤᠭᠠᠯ ᠰᠠᠩ ᠤᠨ ᠳᠠᠯᠠᠢ ᠬᠡᠶᠢᠳ ᠦᠨ ᠳᠠᠮᠪᠠᠳᠠᠷᠵᠠᠯᠢᠨ ᠴᠣᠭᠴᠢᠨ ᠳᠤᠭᠠᠩ ᠤᠨ 100 ᠵᠢᠯ ᠦᠨ ᠣᠢ ᠲᠣᠬᠢᠶᠠᠵᠤ ᠪᠠᠶᠢᠭ᠎ᠠ ᠲᠠᠢ ᠬᠣᠯᠪᠣᠭᠳᠠᠭᠤᠯᠤᠨ ᠲᠤᠰ ᠬᠡᠶᠢᠳ ᠦᠨ ᠤᠷᠳᠤ ᠲᠠᠯ᠎ᠠ ᠳᠤ ᠴᠡᠴᠡᠷᠯᠢᠭᠲᠦ ᠬᠦᠷᠢᠶᠡᠯᠡᠩ ᠪᠠᠶᠢᠭᠤᠯᠵᠤ᠂ ᠯᠠᠮᠠ ᠨᠠᠷ ᠤᠨ ᠪᠠᠶᠢᠷᠢᠯᠠᠬᠤ ᠪᠠᠶᠢᠷᠢ ᠶᠢ ᠪᠠᠷᠢᠵᠤ᠂ ᠨᠡᠭᠡᠭᠡᠯᠲᠡ ᠪᠡᠨ ᠬᠢᠭᠰᠡᠨ ᠪᠠᠶᠢᠨ᠎ᠠ᠃ ᠨᠡᠭᠡᠭᠡᠯᠲᠡ ᠳᠦ ᠠᠪᠤᠷᠠᠯ ᠢᠲᠡᠭᠡᠯᠲᠦ ᠶᠢᠰᠦᠳᠦᠭᠡᠷ ᠪᠣᠭᠳᠠ ᠵᠢᠪᠽᠤᠨᠳᠠᠮᠪᠠ ᠬᠤᠲᠤᠭᠲᠤ ᠶᠢᠨ ᠲᠠᠭᠠᠯᠠᠯ ᠤᠨ ᠱᠠᠪᠢ ᠲᠦᠭᠰᠠᠷᠠᠢ ᠷᠢᠮᠪᠦᠴᠸ᠂ ᠬᠡᠶᠢᠳ ᠦᠨ ᠲᠥᠯᠥᠭᠡᠯᠡᠯ ᠯᠠᠮᠠ ᠬᠤᠸᠠᠷᠠᠭ ᠤᠳ᠂ ᠰᠤᠮᠤ ᠶᠢᠨ ᠤᠳᠤᠷᠢᠳᠤᠯᠭ᠎ᠠ ᠨᠠᠷ ᠰᠦᠰᠦᠭᠲᠡᠨ ᠣᠯᠠᠨ ᠣᠷᠣᠯᠴᠠᠵᠠᠢ᠃ ᠡᠨᠡ ᠦᠶ᠎ᠡ ᠪᠡᠷ ᠨᠠᠢᠮᠠᠳᠤᠭᠠᠷ ᠪᠣᠭᠳᠠ ᠬᠠᠭᠠᠨ ᠤ ᠮᠣᠩᠭᠣᠯ ᠤᠨ ᠠᠷᠠᠳ ᠲᠦᠮᠡᠨ ᠳᠦ ᠪᠡᠨ ᠵᠣᠷᠢᠭᠤᠯᠤᠨ ᠠᠶᠢᠯᠠᠳᠤᠭᠰᠠᠨ ᠠᠶᠢᠯᠠᠳᠪᠤᠷᠢ ᠰᠤᠷᠭᠠᠯ ᠢ ᠪᠦᠷᠢᠨ ᠪᠠᠭᠲᠠᠭᠠᠭᠰᠠᠨ ︽ᠮᠣᠩᠭᠣᠯ ᠤᠯᠤᠰ ᠤᠨ ᠬᠠᠭᠠᠨ᠂ ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠪᠤᠮᠤᠨ ᠵᠠᠷᠯᠢᠭ︾ ᠬᠡᠮᠡᠬᠦ ᠨᠣᠮ ᠢ ᠬᠡᠪᠯᠡᠭᠦᠯᠵᠦ᠂ ᠬᠡᠶᠢᠳ ᠦᠨ ᠪᠦᠲᠦᠭᠡᠨ ᠪᠠᠶᠢᠭᠤᠯᠤᠯᠲᠠ ᠳᠤ ᠬᠤᠪᠢ ᠨᠡᠮᠡᠷᠢ ᠪᠡᠨ ᠣᠷᠣᠭᠤᠯᠤᠭᠰᠠᠨ ᠰᠦᠰᠦᠭᠲᠡᠨ  ᠤᠯᠠᠨ ᠳᠤ ᠳᠤᠷᠠᠰᠬᠠᠯ ᠪᠣᠯᠭᠠᠵᠤ ᠭᠠᠷᠳᠠᠭᠤᠯᠤᠭᠰᠠᠨ ᠠᠵᠠᠢ ᠃
ᠤᠭᠲᠤᠭᠠᠯ ᠰᠠᠩ ᠤᠨ ᠳᠠᠯᠠᠢ ᠬᠡᠶᠢᠳ ᠢ 1810 ᠣᠨ ᠳᠤ ᠪᠠᠶᠢᠭᠤᠯᠤᠭᠰᠠᠨ ᠪᠥᠭᠡᠳ  ᠪᠤᠳ᠋ᠳ᠋ᠾᠠ  ᠶᠢᠨ ᠱᠠᠰᠢᠨ ᠢ ᠮᠠᠨᠳᠤᠭᠤᠯᠬᠤ ᠴᠣᠭᠴᠢᠨ ᠳᠤᠭᠠᠩ ᠢ ᠲᠦᠮᠡᠨ ᠠᠮᠢᠲᠠᠨ ᠢ ᠠᠮᠤᠷ ᠲᠠᠶᠢᠪᠤᠩ ᠪᠠᠶᠢᠯᠭᠠᠬᠤ ᠵᠣᠷᠢᠯᠭ᠎ᠠ ᠪᠠᠷ 1918-1919 ᠣᠨ ᠳᠤ ᠪᠠᠷᠢᠵᠠᠢ᠃ ᠲᠦᠰᠢᠶᠡᠲᠦ ᠬᠠᠨ ᠠᠶᠢᠮᠠᠭ ᠤᠨ ᠭᠣᠪᠢ ᠲᠦᠰᠢᠶ᠎ᠡ ᠭᠦᠩ  ᠦᠨ ᠬᠣᠰᠢᠭᠤᠨ ᠤ ᠲᠤᠲ᠋ᠢ ᠭᠠᠯᠢᠳᠠ ᠭᠡᠭᠴᠢ ᠬᠦᠮᠦᠨ ᠴᠣᠭᠴᠢᠨ  ᠳᠤᠭᠠᠩ ᠤᠨ ᠡᠮᠦᠨ᠎ᠡ 1- 2 ᠺᠢᠯᠣᠮᠧᠲ᠋ᠷ ᠤᠨ ᠵᠠᠢ ᠳᠤ ᠪᠠᠶᠢᠳᠠᠭ ᠤᠨᠳᠤᠷᠭ᠎ᠠ ᠰᠠᠶᠢᠲᠠᠢ ᠤᠰᠤᠨ ᠳᠤ ᠠᠳᠤᠭᠤ ᠪᠠᠨ ᠤᠰᠤᠯᠠᠵᠤ᠂ ᠬᠠᠷ᠎ᠠ ᠪᠤᠲᠤᠩ ᠤᠨ ᠳᠡᠨᠵᠢ ᠳᠡᠭᠡᠷ᠎ᠡ ᠨᠣᠮ ᠤᠨ ᠪᠠᠶᠢᠰᠢᠩ ᠪᠠᠷᠢᠭᠤᠯᠤᠭᠰᠠᠨ ᠢᠶᠠᠷ ᠰᠠᠩ ᠤᠨ ᠳᠠᠯᠠᠢ ᠬᠡᠶᠢᠳ ᠭᠡᠵᠦ ᠠᠷᠠᠳ ᠨᠡᠶᠢᠲᠡ ᠳᠦ ᠨᠡᠷᠡᠯᠡᠭᠳᠡᠬᠦ ᠪᠣᠯᠤᠭᠰᠠᠨ ᠲᠡᠦᠬᠡ ᠲᠡᠢ᠃

ᠰᠡᠳᠬᠢᠭᠳᠡᠯ ᠦᠯᠡᠳᠡᠭᠡᠬᠦ