ᠤᠯᠤᠰ ᠤᠨ ᠠᠷᠰᠯᠠᠨ ᠪ∙ᠭᠠᠩᠪᠠᠭᠠᠲᠤᠷ ᠤᠨ ᠬᠦᠷᠡᠯ ᠬᠥᠰᠢᠶ᠎ᠡ ᠶᠢ ᠪᠣᠰᠬᠠᠯ᠎ᠠ  | News.MN

ᠤᠯᠤᠰ ᠤᠨ ᠠᠷᠰᠯᠠᠨ ᠪ∙ᠭᠠᠩᠪᠠᠭᠠᠲᠤᠷ ᠤᠨ ᠬᠦᠷᠡᠯ ᠬᠥᠰᠢᠶ᠎ᠡ ᠶᠢ ᠪᠣᠰᠬᠠᠯ᠎ᠠ 

ᠮᠣᠩᠭᠣᠯ ᠤᠯᠤᠰ ᠤᠨ ᠭᠠᠪᠢᠶᠠᠲᠤ ᠳᠠᠰᠬᠠᠯᠵᠢᠭᠤᠯᠤᠭᠴᠢ᠂ ᠤᠯᠤᠰ ᠤᠨ ᠠᠷᠰᠯᠠᠨ ᠪᠠᠨᠳᠢ ᠶᠢᠨ ᠭᠠᠩᠪᠠᠭᠠᠲᠤᠷ ᠤᠨ ᠬᠦᠷᠡᠯ ᠬᠥᠰᠢᠭᠡᠨ ᠦ ᠴᠣᠭᠴᠠᠯᠠᠪᠤᠷᠢ᠂ ᠰᠫᠣᠷᠲ ᠲᠠᠩᠬᠢᠮ ᠢ ᠲᠡᠭᠦᠨ ᠦ ᠲᠦᠷᠦᠭᠰᠡᠨ ᠨᠤᠲᠤᠭ ᠦᠪᠦᠷᠬᠠᠩᠭᠠᠢ ᠠᠶᠢᠮᠠᠭ ᠤᠨ ᠪᠠᠶᠠᠨ-ᠥᠨᠳᠥᠷ ᠰᠤᠮᠤᠨ ᠳᠤ ᠪᠠᠶᠢᠭᠤᠯᠤᠯ᠎ᠠ᠃ ᠬᠥᠰᠢᠶ᠎ᠡ ᠶᠢ ᠲᠤᠰ ᠰᠤᠮᠤ ᠶᠢᠨ ᠦᠨᠳᠦᠰᠦᠨ ᠦ ᠪᠥᠬᠡ ᠶᠢᠨ ︽ᠪᠤᠮᠪᠠᠲᠤ︾ ᠳᠡᠪᠵᠢᠶᠡᠨ ᠦ ᠰᠠᠨᠠᠭᠠᠴᠢᠯᠠᠭ᠎ᠠ ᠪᠠᠷ ᠪᠠᠶᠢᠭᠤᠯᠵᠤ᠂ ᠣᠯᠠᠨ ᠲᠦᠮᠡᠨ ᠦ ᠬᠠᠨᠳᠢᠪ᠂ ᠲᠤᠰᠠᠯᠠᠮᠵᠢ ᠪᠠᠷ ᠪᠣᠰᠬᠠᠭᠰᠠᠨ ᠪᠠᠶᠢᠨ᠎ᠠ᠃ ᠰᠫᠣᠷᠲ ᠲᠠᠩᠬᠢᠮ ᠢ ᠪᠠᠷᠢᠬᠤ ᠳᠤ ᠤᠯᠤᠰ ᠤᠨ ᠲᠥᠰᠥᠪ ᠡᠴᠡ 900 ᠣᠷᠴᠢᠮ ᠰᠠᠶ᠎ᠠ ᠲᠥᠭᠥᠷᠢᠭ ᠢ ᠵᠠᠷᠤᠴᠠᠭᠤᠯᠵᠤ ᠂ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ 33 ᠳ᠋ᠤᠭᠠᠷ ᠲᠣᠭᠲᠠᠭᠠᠯ ᠢᠶᠠᠷ ᠪ∙ᠭᠠᠩᠪᠠᠭᠠᠲᠤᠷ ᠤᠨ ᠨᠡᠷᠡᠮᠵᠢᠲᠦ ᠪᠣᠯᠭᠠᠭᠰᠠᠨ ᠶᠤᠮ᠃
ᠤᠯᠤᠰ ᠤᠨ ᠠᠷᠰᠯᠠᠨ ᠪ∙ᠭᠠᠩᠪᠠᠭᠠᠲᠤᠷ 1980 ᠣᠨ ᠤ ᠤᠯᠤᠰ ᠤᠨ ᠪᠠᠶᠠᠷ ᠨᠠᠭᠠᠳᠤᠮ ᠳᠤ ᠥᠪᠡᠷ ᠦᠨ ᠪᠠᠭᠰᠢ ᠴ∙ᠡᠪᠦᠭᠡᠨᠬᠦᠦ ᠨᠠᠴᠢᠨ ᠢᠶᠠᠷ ᠲᠠᠪᠤ ᠳᠠᠪᠠᠵᠤ ᠂ ᠤᠯᠤᠰ ᠤᠨ ᠨᠠᠴᠢᠨ ᠴᠣᠯᠠ ᠶᠢ 22 ᠨᠠᠰᠤᠨ ᠳᠤ ᠪᠠᠨ  ᠬᠦᠷᠲᠡᠵᠡᠢ᠃ 1985 ᠣᠨ ᠤ ᠤᠯᠤᠰ ᠤᠨ ᠪᠠᠶᠠᠷ ᠨᠠᠭᠠᠳᠤᠮ ᠳᠤ ᠶᠢᠰᠦ ᠳᠠᠪᠠᠵᠤ ᠲᠦᠷᠦᠭᠦᠯᠡᠨ ᠮᠣᠩᠭᠣᠯ ᠤᠯᠤᠰ ᠤᠨ ᠠᠷᠰᠯᠠᠨ ᠴᠤᠯᠠ ᠳᠤ ᠬᠦᠷᠦᠭᠰᠡᠨ ᠪᠠ ᠰᠠᠮᠪᠣ᠂  ᠵᠢᠦᠳᠤ᠋ ᠪᠥᠬᠡ ᠪᠡᠷ ᠤᠯᠤᠰ᠂ ᠣᠯᠠᠨ ᠤᠯᠤᠰ ᠤᠨ ᠲᠡᠮᠡᠴᠡᠭᠡᠨ ᠡᠴᠡ 40 ᠭᠠᠷᠤᠢ ᠮᠧᠳᠠᠯ ᠠᠪᠤᠭᠰᠠᠨ ᠪᠠᠶᠢᠨ᠎ᠠ᠃ 2009 ᠣᠨ ᠳᠤ ᠮᠣᠩᠭᠣᠯ ᠤᠯᠤᠰ ᠤᠨ  ᠭᠠᠪᠢᠶᠠᠲᠤ ᠳᠠᠰᠬᠠᠯᠵᠢᠭᠤᠯᠤᠭᠴᠢ ᠴᠣᠯᠠ ᠬᠦᠷᠲᠡᠭᠰᠡᠨ ᠪᠢᠯᠡ᠃

ᠰᠡᠳᠬᠢᠭᠳᠡᠯ ᠦᠯᠡᠳᠡᠭᠡᠬᠦ