ᠦᠨᠳᠦᠰᠦᠨ ᠦ ᠲᠥᠪ ᠴᠡᠩᠭᠡᠯᠳᠦᠬᠦ ᠬᠦᠷᠢᠶᠡᠯᠡᠩ  ᠪᠠᠷᠢᠨ᠎ᠠ | News.MN

ᠦᠨᠳᠦᠰᠦᠨ ᠦ ᠲᠥᠪ ᠴᠡᠩᠭᠡᠯᠳᠦᠬᠦ ᠬᠦᠷᠢᠶᠡᠯᠡᠩ  ᠪᠠᠷᠢᠨ᠎ᠠ

50-60 ᠮᠢᠩᠭᠠᠨ ᠬᠦᠮᠦᠨ ᠦ ᠰᠠᠭᠤᠳᠠᠯ ᠲᠠᠢ᠂ ᠪᠢᠲᠡᠭᠦᠦ ᠳᠡᠭᠡᠪᠦᠷ ᠲᠡᠢ ︽ᠦᠨᠳᠦᠰᠦᠨ ᠦ ᠲᠥᠪ ᠴᠡᠩᠭᠡᠯᠳᠦᠬᠦ ᠬᠦᠷᠢᠶᠡᠯᠡᠩ︾ ᠍ ᠢ ᠦᠨᠳᠦᠰᠦᠨ ᠦ ᠣᠨᠴᠠᠯᠢᠭ ᠬᠡᠪ ᠰᠢᠨᠵᠢ ᠶᠢ ᠠᠭᠤᠯᠤᠭᠰᠠᠨ᠂ ᠪᠠᠶᠢᠭᠠᠯᠢ ᠤᠷᠴᠢᠨ ᠳᠤ ᠡᠭᠡᠯᠢᠲᠡᠢ ᠪᠠᠶᠢᠳᠠᠯ ᠢᠶᠠᠷ ᠪᠠᠷᠢᠬᠤ ᠪᠠᠷ ᠲᠥᠯᠥᠪᠯᠡᠵᠡᠢ᠃ ᠦᠨᠳᠦᠰᠦᠨ ᠦ ᠶᠡᠬᠡ ᠪᠠᠶᠠᠷ ᠨᠠᠭᠠᠳᠤᠮ ᠠᠴᠠ ᠭᠠᠳᠠᠨ᠎ᠠ ᠣᠯᠠᠨ ᠤᠯᠤᠰ ᠤᠨ ᠰᠫᠣᠷᠲ ᠤᠨ ᠲᠥᠷᠥᠯ ᠪᠦᠷᠢ ᠶᠢᠨ ᠲᠡᠮᠡᠴᠡᠭᠡᠨ᠂ ᠤᠷᠠᠯᠢᠭ᠂ ᠤᠷᠠᠨ ᠰᠠᠶᠢᠬᠠᠨ ᠤ ᠠᠷᠭ᠎ᠠ ᠬᠡᠮᠵᠢᠶ᠎ᠡ ᠶᠠᠪᠤᠭᠤᠯᠬᠤ ᠪᠣᠯᠤᠮᠵᠢ ᠲᠠᠢ᠂ ᠵᠢᠯ ᠦᠨ ᠳᠥᠷᠪᠡᠨ ᠤᠯᠠᠷᠢᠯ ᠳᠤ ᠠᠵᠢᠯᠯᠠᠬᠤ ᠴᠡᠩᠭᠡᠯᠳᠦᠬᠦ ᠬᠦᠷᠢᠶᠡᠯᠡᠩ ᠦᠨ ᠵᠠᠭᠪᠤᠷ᠂ ᠵᠢᠷᠤᠭ ᠢ ᠰᠢᠯᠭᠠᠷᠠᠭᠤᠯᠬᠤ ᠤᠷᠤᠯᠳᠤᠭᠠᠨ ᠵᠠᠷᠯᠠᠬᠤ ᠠᠵᠠᠢ ᠃
ᠰᠢᠨ᠎ᠡ ᠴᠡᠩᠭᠡᠯᠳᠦᠬᠦ ᠬᠦᠷᠢᠶᠡᠯᠡᠩ ᠢ ᠬᠠᠨ ᠠᠭᠤᠯᠠ ᠳᠡᠭᠦᠷᠭᠡ ᠶᠢᠨ ᠨᠢᠰᠬᠦ᠂ ᠶᠠᠭᠠᠷᠮᠠᠭ ᠤᠨ ᠵᠠᠮ ᠤᠨ  ᠠᠶᠤᠯᠭᠦᠢ ᠶᠢᠨ ᠲᠣᠭᠣᠷᠢᠭ ᠤᠨ ᠵᠡᠭᠦᠨ ᠤᠷᠳᠤ᠂ ᠡᠰᠡᠪᠡᠯ ᠰᠣᠩᠭᠢᠨ᠎ᠠ ᠬᠠᠶᠢᠷᠬᠠᠨ ᠳᠡᠭᠦᠷᠭᠡ ᠶᠢᠨ ᠬᠦᠢ ᠳᠣᠯᠣᠭᠠᠨ ᠬᠤᠳᠳᠤᠭ᠂ ︽ᠮᠣᠩᠭᠣᠯ ᠨᠠᠭᠠᠳᠤᠮ ᠴᠣᠭᠴᠠᠯᠠᠪᠤᠷᠢ︾ ᠣᠷᠴᠢᠮ ᠳᠤ ᠪᠠᠷᠢᠵᠤ 2021 ᠣᠨ ᠤ ᠦᠨᠳᠦᠰᠦᠨ ᠦ ᠶᠡᠬᠡ ᠪᠠᠶᠠᠷ ᠨᠠᠭᠠᠳᠤᠮ᠂ ᠠᠷᠠᠳ ᠤᠨ ᠬᠤᠪᠢᠰᠬᠠᠯ ᠤᠨ 100 ᠵᠢᠯ ᠦᠨ ᠣᠢ ᠪᠠᠷ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠭᠰᠡᠨ ᠪᠠᠶᠢᠨ᠎ᠠ᠃ ︽ᠦᠨᠳᠦᠰᠦᠨ ᠦ ᠲᠥᠪ ᠴᠡᠩᠭᠡᠯᠳᠦᠬᠦ ᠬᠦᠷᠢᠶᠡᠯᠡᠩ︾  ᠪᠠᠷᠢᠬᠤ᠂ ᠬᠣᠯᠪᠣᠭᠳᠠᠬᠤ ᠰᠠᠨᠠᠯ ᠰᠢᠢᠳᠪᠦᠷᠢ ᠶᠢᠨ ᠲᠥᠰᠥᠯ ᠢ ᠲᠥᠰᠥᠪ ᠰᠠᠩᠬᠦᠦ ᠶᠢᠨ ᠲᠣᠭᠠᠴᠠᠭᠠᠨ ᠤ ᠬᠠᠮᠲᠤ ᠪᠣᠯᠪᠠᠰᠤᠷᠠᠭᠤᠯᠬᠤ ᠡᠭᠦᠷᠭᠡ ᠪᠦᠬᠦᠢ ᠠᠵᠢᠯ ᠤᠨ ᠬᠡᠰᠡᠭ ᠢ ᠮᠣᠩᠭᠣᠯ ᠤᠯᠤᠰ ᠤᠨ ᠰᠠᠶᠢᠳ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠯ∙ᠣᠶᠤᠨ-ᠡᠷᠳᠡᠨᠢ ᠠᠬᠠᠯᠠᠬᠤ ᠭᠡᠨ᠎ᠡ᠃

ᠰᠡᠳᠬᠢᠭᠳᠡᠯ ᠦᠯᠡᠳᠡᠭᠡᠬᠦ