ᠡᠨᠡᠳᠬᠡᠭ ᠦᠨ ᠮᠡᠳᠡᠭᠡᠯᠡᠯ ᠦᠨ ᠲᠧᠭᠨᠣᠯᠣᠭᠢ ᠶᠢᠨ ᠲᠥᠪ  ᠪᠠᠶᠢᠭᠤᠯᠤᠨ᠎ᠠ  | News.MN

ᠡᠨᠡᠳᠬᠡᠭ ᠦᠨ ᠮᠡᠳᠡᠭᠡᠯᠡᠯ ᠦᠨ ᠲᠧᠭᠨᠣᠯᠣᠭᠢ ᠶᠢᠨ ᠲᠥᠪ  ᠪᠠᠶᠢᠭᠤᠯᠤᠨ᠎ᠠ 

ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠶᠠᠮᠤᠨ ᠠᠴᠠ ᠬᠡᠷᠡᠭᠵᠢᠭᠦᠯᠵᠦ ᠪᠤᠢ ︽ᠮᠣᠩᠭᠣᠯ ᠂ ᠡᠨᠡᠳᠬᠡᠭ ᠦᠨ ᠮᠡᠳᠡᠭᠡᠯᠡᠯ ᠦᠨ ᠲᠧᠭᠨᠣᠯᠣᠭᠢ ᠶᠢᠨ ᠪᠣᠯᠪᠠᠰᠤᠷᠠᠯ ᠦᠨ ᠲᠥᠪ ︾ ᠲᠥᠰᠥᠯ ᠦᠨ ᠬᠤᠶᠠᠳᠤᠭᠠᠷ ᠪᠠᠭᠴᠠ ᠶᠢᠨ ᠭᠦᠢᠴᠡᠳᠬᠡᠭᠴᠢ ᠪᠡᠷ ᠰᠢᠯᠭᠠᠷᠠᠭᠰᠠᠨ ᠡᠨᠡᠳᠬᠡᠭ ᠤᠯᠤᠰ ᠤᠨ Lovely International Trust ᠺᠣᠮᠫᠠᠨᠢ ᠶᠢᠨ ᠲᠥᠯᠥᠭᠡᠯᠡᠯ ᠢ ᠲᠤᠰ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠪ ∙ ᠪᠠᠶᠠᠷᠰᠠᠶᠢᠬᠠᠨ ᠬᠦᠯᠢᠶᠡᠨ ᠠᠪᠴᠤ ᠠᠭᠤᠯᠵᠠᠯ᠎ᠠ᠃ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠤᠨ ᠵᠠᠰᠠᠭ ᠤᠨ ᠭᠠᠵᠠᠷ᠂ ᠡᠺᠽᠢᠮ ᠪᠠᠩᠬᠢᠨ ᠤ ᠬᠥᠩᠭᠡᠯᠡᠯᠲᠡ ᠲᠡᠢ  ᠵᠢᠭᠡᠯᠡ  ᠪᠡᠷ ᠲᠥᠪ ᠦᠨ ᠪᠠᠷᠢᠯᠭ᠎ᠠ ᠶᠢ ᠪᠠᠷᠢᠵᠤ᠂ ᠬᠠᠮᠤᠭ ᠤᠨ ᠰᠡᠭᠦᠯ ᠦᠨ ᠦᠶ᠎ᠡ ᠶᠢᠨ ᠴᠢᠨᠠᠷ ᠲᠠᠢ ᠲᠣᠨᠣᠭ ᠲᠥᠬᠥᠭᠡᠷᠦᠮᠵᠢ ᠪᠡᠷ ᠬᠠᠩᠭᠠᠵᠤ᠂ ᠲᠤᠰ ᠲᠥᠪ ᠲᠦ ᠠᠵᠢᠯᠯᠠᠬᠤ ᠢᠨᠵᠧᠨᠧᠷ ᠦᠳ ᠪᠣᠯᠤᠨ ᠰᠤᠷᠭᠠᠭᠴᠢ ᠪᠠᠭᠰᠢ ᠨᠠᠷ ᠢ ᠪᠡᠯᠡᠳᠬᠡᠵᠦ ᠥᠭᠬᠦ ᠶᠤᠮ᠃

ᠰᠡᠳᠬᠢᠭᠳᠡᠯ ᠦᠯᠡᠳᠡᠭᠡᠬᠦ