︽ ᠴᠠᠢ ᠶᠢᠨ ᠵᠠᠮ︾ ᠥᠪ ᠰᠤᠶᠤᠯ ᠤᠨ ᠬᠤᠶᠠᠳᠤᠭᠠᠷ ᠨᠠᠭᠠᠳᠤᠮ ᠪᠣᠯᠤᠨ᠎ᠠ  | News.MN

 ︽ ᠴᠠᠢ ᠶᠢᠨ ᠵᠠᠮ︾ ᠥᠪ ᠰᠤᠶᠤᠯ ᠤᠨ ᠬᠤᠶᠠᠳᠤᠭᠠᠷ ᠨᠠᠭᠠᠳᠤᠮ ᠪᠣᠯᠤᠨ᠎ᠠ 

︽ᠴᠠᠢ ᠶᠢᠨ ᠵᠠᠮ︾ ᠥᠪ ᠰᠤᠶᠤᠯ ᠤᠨ ᠬᠤᠶᠠᠳᠤᠭᠠᠷ ᠨᠠᠭᠠᠳᠤᠮ ᠡᠨᠡ ᠰᠠᠷ᠎ᠠ ᠶᠢᠨ 13- 16 ᠍ ᠤ ᠡᠳᠦᠷ ᠬᠣᠪᠳᠣ ᠠᠶᠢᠮᠠᠭ ᠲᠤ ᠪᠣᠯᠤᠨ᠎ᠠ᠃ ᠲᠤᠰ ᠠᠶᠢᠮᠠᠭ ᠤᠨ 17 ᠰᠤᠮᠤᠨ ᠳᠤ ᠠᠯᠲᠠᠢ ᠶᠢᠨ ᠤᠷᠢᠶᠠᠩᠬᠠᠢ᠂ ᠳᠥᠷᠪᠡᠳ᠂ ᠵᠠᠬᠠᠴᠢᠨ᠂  ᠮᠢᠩᠭᠠᠳ᠂ ᠥᠭᠡᠯᠡᠳ᠂ ᠲᠣᠷᠭᠤᠳ᠂ ᠬᠠᠯᠬ᠎ᠠ᠂ ᠬᠣᠱᠤᠳ᠂ ᠺᠠᠽᠠᠭ᠂ ᠲᠤᠸᠠ ᠵᠡᠷᠭᠡ 10 ᠭᠠᠷᠤᠢ ᠤᠭᠰᠠᠭᠠᠲᠠᠨ ᠠᠵᠤ ᠲᠦᠷᠦᠵᠦ ᠪᠠᠶᠢᠨ᠎ᠠ᠃ ᠡᠳᠡᠭᠡᠷ ᠤᠭᠰᠠᠭᠠᠲᠠᠨ ᠤ ᠰᠤᠶᠤᠯ ᠤᠨ ᠪᠡᠶᠡᠲᠦ ᠪᠣᠯᠤᠨ ᠪᠡᠶᠡᠲᠦ ᠪᠤᠰᠤ ᠥᠪ᠂ ᠢᠵᠠᠭᠤᠷ ᠤᠷᠠᠯᠢᠭ᠂  ᠴᠠᠢ ᠶᠢᠨ ᠰᠤᠶᠤᠯ ᠤᠨ ᠥᠪ ᠢ ᠲᠦᠭᠡᠭᠡᠨ ᠳᠡᠯᠭᠡᠷᠡᠭᠦᠯᠬᠦ᠂ ᠥᠪᠯᠡᠭᠦᠯᠦᠨ ᠦᠯᠡᠳᠡᠭᠡᠬᠦ᠂ ᠰᠤᠷᠲᠠᠯᠴᠢᠯᠠᠬᠤ᠂ ᠣᠷᠣᠨ ᠨᠤᠲᠤᠭ ᠤᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠵᠣᠷᠢᠯᠲᠠ ᠶᠢᠨ ᠬᠦᠷᠢᠶᠡᠨ ᠳᠦ ︽ ᠴᠠᠢ ᠶᠢᠨ ᠵᠠᠮ︾ ᠥᠪ ᠰᠤᠶᠤᠯ ᠤᠨ ᠨᠠᠭᠠᠳᠤᠮ ᠢ ᠬᠤᠶᠠᠳᠠᠬᠢ ᠵᠢᠯ ᠳᠦ ᠪᠡᠨ ᠵᠣᠬᠢᠶᠠᠨ ᠪᠠᠶᠢᠭᠤᠯᠬᠤ ᠶᠤᠮ ᠃
ᠨᠠᠭᠠᠳᠤᠮ ᠤᠨ ᠬᠦᠷᠢᠶᠡᠨ ᠳᠦ ᠲᠡᠮᠡᠭᠡᠨ ᠵᠢᠩ᠂ ᠮᠣᠩᠭᠣᠯ ᠨᠡᠭᠦᠳᠡᠯ ᠂ ᠠᠳᠤᠭᠤᠴᠢᠨ ᠲᠡᠮᠡᠴᠡᠭᠡᠨ᠂ ᠪᠡᠰᠡᠷᠡᠭ ᠨᠠᠭᠠᠳᠤᠮ᠂ ᠤᠭᠰᠠᠭᠠᠲᠠᠨ ᠤ ᠴᠠᠢ ᠴᠢᠨᠠᠬᠤ ᠶᠣᠰᠣᠯᠠᠯ᠂ ᠢᠵᠠᠭᠤᠷ ᠤᠷᠠᠯᠢᠭ ᠲᠣᠭᠯᠠᠯᠲᠠ᠂ ᠤᠷᠠᠨ ᠨᠤᠭᠤᠷᠠᠯᠲᠠ ᠵᠡᠷᠭᠡ ᠦᠨᠳᠦᠰᠦᠲᠡᠨ᠂ ᠤᠭᠰᠠᠭᠠᠲᠠᠨ ᠤ ᠤᠯᠠᠮᠵᠢᠯᠠᠯᠲᠤ ᠰᠤᠶᠤᠯ ᠢ ᠰᠢᠩᠭᠡᠭᠡᠭᠰᠡᠨ ᠰᠣᠨᠢᠷᠬᠠᠯᠲᠠᠢ ᠦᠵᠡᠭᠦᠯᠪᠦᠷᠢ ᠪᠣᠯᠤᠨ᠎ᠠ᠃ ᠲᠡᠭᠦᠨᠴᠢᠯᠡᠨ ᠮᠠᠩᠬᠠᠨ ᠰᠤᠮᠤ ᠳ᠋ᠡᠬᠢ ᠭᠤᠷᠪᠠᠨ ᠰᠡᠩᠬᠡᠷ ᠦᠨ ᠠᠭᠤᠢ ᠲᠠᠢ ᠲᠠᠨᠢᠯᠴᠠᠬᠤ ᠠᠶᠠᠯᠠᠯ᠂ ︽ᠲᠤᠤᠯᠢ ᠴᠤᠭᠤᠷ ᠤᠨ ᠬᠤᠶᠠᠳᠤᠭᠠᠷ ᠨᠠᠭᠠᠳᠤᠮ︾᠂ ︽ ᠴᠠᠢ ᠶᠢᠨ ᠵᠠᠮ︾  ᠡᠷᠳᠡᠮ ᠰᠢᠨᠵᠢᠯᠡᠭᠡᠨ ᠦ ᠬᠤᠶᠠᠳᠤᠭᠠᠷ ᠪᠠᠭ᠎ᠠ ᠬᠤᠷᠠᠯ ᠵᠣᠬᠢᠶᠠᠨ ᠪᠠᠶᠢᠭᠤᠯᠤᠨ᠎ᠠ᠃

ᠰᠡᠳᠬᠢᠭᠳᠡᠯ ᠦᠯᠡᠳᠡᠭᠡᠬᠦ