ᠤᠩᠰᠢᠭᠴᠢᠳ ᠲᠤ 15.8 ᠮᠢᠩᠭᠠᠨ ᠨᠣᠮ  ᠢᠶᠡᠷ ᠦᠢᠯᠡᠴᠢᠯᠡᠵᠡᠢ  | News.MN

ᠤᠩᠰᠢᠭᠴᠢᠳ ᠲᠤ 15.8 ᠮᠢᠩᠭᠠᠨ ᠨᠣᠮ  ᠢᠶᠡᠷ ᠦᠢᠯᠡᠴᠢᠯᠡᠵᠡᠢ 

ᠪᠤᠯᠠᠭᠠᠨ ᠠᠶᠢᠮᠠᠭ ᠤᠨ ᠲᠥᠪ ᠨᠣᠮ ᠤᠨ ᠰᠠᠩ ᠡᠨᠡ ᠣᠨ ᠳᠤ ᠦᠢᠯᠡᠴᠢᠯᠡᠭᠦᠯᠦᠭᠴᠢᠳ ᠲᠦ 15872 ᠨᠣᠮ ᠬᠡᠪᠯᠡᠯ ᠢᠶᠡᠷ ᠦᠢᠯᠡᠴᠢᠯᠡᠵᠦ᠂  ᠯᠠᠪᠯᠠᠯᠭ᠎ᠠ ᠨᠣᠮ ᠵᠦᠢ᠂ ᠮᠡᠳᠡᠭᠡᠯᠡᠯ ᠢ ᠪᠠᠶᠢᠭᠤᠯᠤᠯᠭ᠎ᠠ ᠪᠣᠯᠤᠨ ᠴᠠᠬᠢᠮ ᠢᠶᠠᠷ ᠳᠠᠮᠵᠢᠭᠤᠯᠤᠨ ᠬᠦᠷᠭᠡᠵᠡᠢ᠃ ᠮᠥᠨ ᠶᠠᠪᠤᠭᠤᠯ ᠤᠨ ᠨᠣᠮ ᠤᠨ ᠰᠠᠩ ᠢ ᠬᠠᠩᠭᠠᠯ᠂ ᠲᠡᠰᠢᠭ᠂ ᠮᠣᠭᠠᠳ᠂ ᠭᠤᠷᠪᠠᠨᠪᠤᠯᠠᠭ᠂ ᠳᠠᠰᠢᠨᠴᠢᠯᠡᠨ᠂ ᠪᠥᠷᠥᠭᠬᠠᠩᠭᠠᠢ ᠰᠤᠮᠤᠨ ᠳᠤ ᠠᠵᠢᠯᠯᠠᠭᠤᠯᠵᠤ 13 ᠰᠤᠮᠤᠨ ᠳᠤ ᠨᠣᠮ ᠤᠨ ᠬᠤᠳᠠᠯᠳᠤᠭ᠎ᠠ ᠵᠣᠬᠢᠶᠠᠨ ᠪᠠᠶᠢᠭᠤᠯᠤᠨ ᠰᠤᠮᠤ᠂ ᠰᠤᠷᠭᠠᠭᠤᠯᠢ ᠶᠢᠨ ᠨᠣᠮ ᠤᠨ ᠰᠠᠩ ᠤᠳ ᠲᠤ ᠮᠡᠷᠭᠡᠵᠢᠯ ᠠᠷᠭ᠎ᠠ ᠵᠦᠢ ᠪᠡᠷ ᠵᠥᠪᠯᠡᠨ ᠲᠤᠰᠠᠯᠠᠵᠠᠢ᠃ ᠮᠦᠨ ᠨᠣᠮᠴᠢ ᠭᠡᠷ ᠪᠦᠯᠢ᠂ ᠲᠡᠷᠢᠭᠦᠨ ᠦ ᠤᠩᠰᠢᠭᠴᠢ ᠠᠩᠭᠢ ᠬᠠᠮᠲᠤ ᠣᠯᠠᠨ᠂ ᠰᠤᠷᠤᠭᠴᠢ ᠰᠢᠯᠭᠠᠷᠠᠭᠤᠯᠬᠤ᠂ ᠭᠡᠷ ᠪᠦᠯᠢ ᠪᠡᠷ ᠢᠶᠡᠨ ᠨᠣᠮ ᠤᠩᠰᠢᠬᠤ ᠴᠠᠭ᠂ ᠨᠣᠮ ᠤᠨ ᠬᠠᠨᠳᠢᠪ ᠤᠨ ᠦᠢᠯᠡ ᠠᠵᠢᠯᠯᠠᠭ᠎ᠠ ᠶᠢ ᠵᠣᠬᠢᠶᠠᠨ ᠪᠠᠶᠢᠭᠤᠯᠳᠠᠭ᠃ ᠪᠤᠯᠠᠭᠠᠨ ᠰᠤᠮᠤᠨ ᠳᠤ ᠰᠠᠯᠪᠤᠷᠢ ᠨᠣᠮ ᠤᠨ ᠰᠠᠩ ᠨᠡᠭᠡᠭᠡᠵᠦ᠂ ᠣᠶᠢᠷᠠᠯᠴᠠᠭᠠᠬᠢ ᠰᠤᠷᠭᠠᠭᠤᠯᠢ᠂ ᠪᠠᠶᠢᠭᠤᠯᠤᠯᠭ᠎ᠠ ᠨᠤᠭᠤᠳ ᠲᠤ ᠨᠣᠮ ᠤᠨ ᠰᠠᠩ ᠤᠨ ᠦᠢᠯᠡᠴᠢᠯᠡᠭᠡ ᠬᠦᠷᠭᠡᠵᠦ ᠪᠠᠶᠢᠭ᠎ᠠ ᠶᠤᠮ᠃
ᠨᠣᠮ ᠤᠨ ᠰᠠᠩ ᠤᠨ ᠦᠢᠯᠡ ᠠᠵᠢᠯᠯᠠᠭ᠎ᠠ ᠶᠢ ᠰᠤᠷᠲᠠᠯᠴᠢᠯᠠᠵᠤ 14 ᠰᠤᠮᠤ ᠶᠢᠨ ᠰᠤᠷᠭᠠᠭᠤᠯᠢ ᠶᠢᠨ ᠰᠤᠷᠤᠭᠴᠢᠳ ᠲᠤ  ︽ᠡᠯᠧᠺᠲ᠋ᠷᠣᠨ ᠪᠣᠯᠤᠨ ᠴᠠᠭᠠᠰᠤᠨ ᠺᠠᠲᠯᠤᠭᠢ ᠬᠡᠷᠡᠭᠯᠡᠬᠦ ᠨᠢ︾᠂  ︽ᠳᠡᠯᠡᠬᠡᠢ ᠳᠦ ᠠᠯᠳᠠᠷᠲᠠᠢ ᠨᠣᠮ ᠤᠨ ᠰᠠᠩ ᠤᠳ ︾ ᠵᠡᠷᠭᠡ ᠰᠡᠳᠦᠪ ᠢᠶᠡᠷ ᠰᠤᠷᠭᠠᠯᠲᠠ ᠮᠡᠳᠡᠭᠡᠯᠡᠯ ᠬᠢᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ