ᠬᠠᠭᠠᠰ ᠵᠢᠯ ᠳᠦ 18 ᠰᠠᠶ᠎ᠠ ᠲᠣᠨ ᠨᠡᠭᠦᠷᠡᠰᠦ ᠡᠺᠰᠫᠣᠷᠲᠯᠠᠵᠠᠢ  | News.MN

ᠬᠠᠭᠠᠰ ᠵᠢᠯ ᠳᠦ 18 ᠰᠠᠶ᠎ᠠ ᠲᠣᠨ ᠨᠡᠭᠦᠷᠡᠰᠦ ᠡᠺᠰᠫᠣᠷᠲᠯᠠᠵᠠᠢ 

ᠮᠠᠨ ᠤ ᠤᠯᠤᠰ ᠤᠨ ᠡᠺᠰᠫᠣᠷᠲ ᠡᠨᠡ ᠣᠨ ᠤ ᠡᠬᠢᠨ ᠦ ᠬᠠᠭᠠᠰ ᠵᠢᠯ ᠳᠦ ᠡᠮᠦᠨᠡᠬᠢ ᠣᠨ ᠤ ᠮᠥᠨ ᠦᠶ᠎ᠡ ᠡᠴᠡ 357.6 ᠰᠠᠶ᠎ᠠ ᠳ᠋ᠣᠯᠯᠠᠷ ᠢᠶᠠᠷ ᠥᠰᠦᠭᠡᠳ ᠪᠠᠶᠢᠨ᠎ᠠ᠃ ᠡᠭᠦᠨ ᠳᠦ ᠴᠢᠯᠠᠭᠤᠨ ᠨᠡᠭᠦᠷᠡᠰᠦᠨ ᠦ ᠡᠺᠰᠫᠣᠷᠲ 135.7 ᠰᠠᠶ᠎ᠠ ᠳ᠋ᠣᠯᠯᠠᠷ᠂ ᠪᠣᠯᠪᠠᠰᠤᠷᠠᠭᠤᠯᠤᠭ᠎ᠠ ᠦᠭᠡᠢ ᠪᠤᠶᠤ ᠬᠠᠭᠠᠰ ᠪᠣᠯᠪᠠᠰᠤᠷᠠᠭᠤᠯᠤᠭᠰᠠᠨ ᠠᠯᠲᠠᠨ ᠤ ᠡᠰᠺᠰᠫᠣᠷᠲ 51.4 ᠰᠠᠶ᠎ᠠ ᠳ᠋ᠣᠯᠯᠠᠷ ᠢᠶᠠᠷ ᠥᠰᠦᠭᠰᠡᠨ ᠨᠢ ᠭᠣᠣᠯᠯᠠᠨ ᠨᠥᠯᠦᠭᠡᠯᠡᠵᠡᠢ᠃
ᠭᠠᠶᠢᠯᠢ ᠶᠢᠨ ᠶᠡᠷᠦᠩᠬᠡᠢ ᠭᠠᠵᠠᠷ ᠤᠨ ᠮᠡᠳᠡᠭᠡᠯᠡᠯ ᠢᠶᠡᠷ ᠮᠠᠨ ᠤ ᠤᠯᠤᠰ ᠡᠨᠡ ᠣᠨ ᠤ ᠡᠬᠢᠨ ᠦ ᠵᠢᠷᠭᠤᠭᠠᠨ ᠰᠠᠷ᠎ᠠ ᠶᠢᠨ ᠪᠠᠶᠢᠳᠠᠯ ᠢᠶᠠᠷ 18.03 ᠰᠠᠶ᠎ᠠ ᠲᠣᠨ ᠨᠡᠭᠦᠷᠡᠰᠦ ᠡᠺᠰᠫᠣᠷᠲᠯᠠᠭᠰᠠᠨ ᠪᠠᠶᠢᠨ᠎ᠠ᠃ ᠡᠭᠦᠨ ᠢ ᠡᠮᠦᠨᠡᠬᠢ ᠣᠨ ᠤ ᠮᠥᠨ ᠦᠶ᠎ᠡ ᠶᠢᠨ 18.02 ᠰᠠᠶ᠎ᠠ ᠲᠤᠨ ᠲᠠᠢ ᠬᠠᠷᠢᠴᠠᠭᠤᠯᠬᠤ ᠳᠤ ᠢᠵᠢᠯ ᠬᠡᠮᠵᠢᠶᠡᠨ ᠳᠦ ᠪᠠᠶᠢᠨ᠎ᠠ᠃ ᠴᠢᠯᠠᠭᠤᠨ ᠨᠡᠭᠦᠷᠡᠰᠦᠨ ᠦ ᠡᠺᠰᠫᠣᠷᠲ 17.95 ᠰᠠᠶ᠎ᠠ ᠲᠣᠨ ᠪᠤᠶᠤ 12.43 ᠬᠤᠪᠢ ᠪᠠᠷ ᠥᠰᠦᠭᠰᠡᠨ  ᠳ᠋ᠦᠩ ᠲᠡᠢ᠂ ᠡᠺᠰᠫᠣᠷᠲ ᠤᠨ ᠣᠷᠣᠯᠭ᠎ᠠ 1.5 ᠲᠡᠷᠪᠤᠮ ᠳ᠋ᠣᠯᠯᠠᠷ ᠲᠤ  ᠬᠦᠷᠦᠭᠡᠳ ᠪᠠᠶᠢᠭ᠎ᠠ ᠨᠢ ᠥᠩᠭᠡᠷᠡᠭᠰᠡᠨ ᠣᠨ ᠤ ᠮᠥᠨ ᠦᠶ᠎ᠡ ᠡᠴᠡ 14 ᠬᠤᠪᠢ ᠪᠠᠷ ᠥᠰᠦᠭᠰᠡᠨ ᠦᠵᠡᠭᠦᠯᠦᠯᠲᠡ ᠶᠤᠮ ᠃ ᠮᠥᠨ ᠰᠠᠶᠢᠨ ᠴᠢᠨᠠᠷ ᠤᠨ ᠴᠢᠯᠠᠭᠤᠨ ᠨᠡᠭᠦᠷᠡᠰᠦ ᠪᠣᠯᠬᠤ ᠠᠨᠲᠷᠠᠼᠢᠲ ᠤᠨ ᠡᠺᠰᠫᠣᠷᠲ 67 ᠮᠢᠩᠭᠠᠨ ᠲᠣᠨ ᠳᠤ ᠬᠦᠷᠴᠡᠢ᠃

ᠰᠡᠳᠬᠢᠭᠳᠡᠯ ᠦᠯᠡᠳᠡᠭᠡᠬᠦ