ᠬᠠᠯᠬ᠎ᠠ ᠭᠤᠤᠯ ᠰᠤᠮᠤ ᠶᠢᠨ ᠪᠦᠲᠦᠭᠡᠨ ᠪᠠᠶᠢᠭᠤᠯᠤᠯᠲᠠ ᠦᠷᠭᠦᠯᠵᠢᠯᠡᠵᠦ ᠪᠠᠶᠢᠨ᠎ᠠ  | News.MN

 ᠬᠠᠯᠬ᠎ᠠ ᠭᠤᠤᠯ ᠰᠤᠮᠤ ᠶᠢᠨ ᠪᠦᠲᠦᠭᠡᠨ ᠪᠠᠶᠢᠭᠤᠯᠤᠯᠲᠠ ᠦᠷᠭᠦᠯᠵᠢᠯᠡᠵᠦ ᠪᠠᠶᠢᠨ᠎ᠠ 

ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠥᠨᠥᠳᠥᠷ ᠳᠣᠷᠣᠨᠠᠲᠤ ᠠᠶᠢᠮᠠᠭ ᠤᠨ ᠬᠠᠯᠬ᠎ᠠ ᠭᠤᠤᠯ ᠰᠤᠮᠤᠨ ᠳᠤ ᠬᠡᠷᠡᠭᠵᠢᠵᠦ ᠪᠤᠢ ︽ᠰᠢᠨ᠎ᠡ ᠰᠤᠮᠤ︾ ᠪᠦᠲᠦᠭᠡᠨ ᠪᠠᠶᠢᠭᠤᠯᠤᠯᠲᠠ ᠶᠢᠨ ᠠᠵᠢᠯ ᠲᠠᠢ ᠲᠠᠨᠢᠯᠴᠠᠯ᠎ᠠ᠃
ᠶᠡᠷᠦᠩᠬᠡᠶᠢᠯᠡᠭᠴᠢ ᠬ∙ᠪᠠᠲᠤᠲᠤᠯᠭ᠎ᠠ ᠳᠣᠷᠣᠨ᠎ᠠ ᠶᠢᠨ ᠡᠳ᠋ ᠍ ᠦᠨ ᠵᠠᠰᠠᠭ ᠤᠨ ᠴᠢᠭᠤᠯᠭ᠎ᠠ ᠠᠭᠤᠯᠵᠠᠯᠲᠠ ᠳᠤ ᠤᠷᠤᠯᠴᠠᠬᠤ ᠦᠶ᠎ᠡ ᠪᠡᠷ ᠢᠶᠡᠨ ᠣᠷᠣᠰ  ᠤᠨ ᠶᠡᠷᠦᠩᠬᠡᠶᠢᠯᠡᠭᠴᠢ ᠫᠦᠲ᠋ᠢᠨ ᠲᠠᠢ ᠠᠭᠤᠯᠵᠠᠵᠤ᠂  ᠬᠠᠯᠬ᠎ᠠ ᠭᠤᠤᠯ ᠰᠤᠮᠤ ᠶᠢ ᠰᠢᠨᠡᠳᠭᠡᠬᠦ ᠲᠥᠰᠥᠯ ᠢᠶᠡᠨ ᠲᠠᠨᠢᠯᠴᠠᠭᠤᠯᠵᠤ᠂ ᠤᠯᠠᠮ ᠢᠶᠠᠷ ᠣᠷᠣᠰ ᠤᠨ ᠲᠠᠯ᠎ᠠ ᠰᠠᠩᠬᠦᠦᠵᠢᠯᠲᠠ ᠶᠢ ᠰᠢᠢᠳᠪᠦᠷᠢᠯᠡᠬᠦ ᠪᠡᠨ ᠢᠯᠡᠷᠬᠡᠶᠢᠯᠡᠭᠰᠡᠨ ᠶᠤᠮ᠃  ᠳᠠᠷᠠᠭ᠎ᠠ ᠨᠢ ᠷᠤᠰᠨᠧᠹᠲ ᠺᠤᠮᠫᠠᠨᠢ ᠶᠢᠨ ᠤᠳᠤᠷᠢᠳᠤᠯᠭ᠎ᠠ   ᠨᠤᠭᠤᠳ ᠬᠠᠯᠬ᠎ᠠ ᠭᠤᠤᠯ ᠰᠤᠮᠤ ᠶᠢᠨ ᠪᠦᠲᠦᠭᠡᠨ ᠪᠠᠶᠢᠭᠤᠯᠤᠯᠲᠠ ᠶᠢᠨ ᠠᠵᠢᠯ ᠳᠤ ᠵᠣᠷᠢᠭᠤᠯᠵᠤ᠂ 8 ᠰᠠᠶ᠎ᠠ  ᠡᠸᠦ᠋ᠷᠤ᠋  ᠬᠠᠨᠳᠢᠪᠯᠠᠬᠤ ᠪᠣᠯᠤᠭᠰᠠᠨ  ᠢᠶᠡᠷ᠂ ᠭᠠᠵᠠᠷ ᠰᠢᠷᠤᠢ ᠶᠢᠨ ᠠᠵᠢᠯ 2019 ᠣᠨ ᠤ ᠳᠥᠷᠪᠡᠳᠦᠭᠡᠷ ᠰᠠᠷ᠎ᠠ ᠶᠢᠨ 3 ᠍ ᠳᠦ ᠡᠬᠢᠯᠡᠭᠰᠡᠨ ᠶᠤᠮ᠃ ︽ᠰᠢᠨ᠎ᠡ ᠰᠤᠮᠤ︾ ᠪᠦᠲᠦᠭᠡᠨ ᠪᠠᠶᠢᠭᠤᠯᠤᠯᠲᠠ ᠶᠢᠨ ᠠᠵᠢᠯ ᠤᠨ ᠬᠦᠷᠢᠶᠡᠨ ᠳᠦ ᠬᠠᠯᠬ᠎ᠠ ᠭᠤᠤᠯ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ 250 ᠬᠦᠮᠦᠨ ᠦ ᠰᠠᠭᠤᠳᠠᠯ ᠲᠠᠢ ᠰᠤᠶᠤᠯ ᠤᠨ ᠲᠥᠪ᠂ 20 ᠣᠷᠣ ᠲᠠᠢ ᠡᠮᠨᠡᠯᠭᠡ᠂ 650 ᠬᠡᠦᠬᠡᠳ ᠦᠨ ᠪᠠᠭᠲᠠᠭᠠᠮᠵᠢ ᠲᠠᠢ ᠰᠤᠷᠭᠠᠭᠤᠯᠢ᠂ 150 ᠬᠡᠦᠬᠡᠳ ᠦᠨ ᠴᠡᠴᠡᠷᠯᠢᠭ᠂ 180 ᠬᠡᠦᠬᠡᠳ ᠦᠨ ᠳᠣᠲᠣᠭᠤᠷ ᠪᠠᠶᠢᠷᠢ᠂ ᠰᠫᠣᠷᠲ ᠲᠠᠩᠬᠢᠮ ᠵᠡᠷᠭᠡ 11 ᠪᠠᠶᠢᠭᠤᠯᠤᠮᠵᠢ ᠶᠢ ᠪᠠᠷᠢᠵᠤ ᠪᠠᠶᠢᠭᠤᠯᠵᠤ ᠪᠠᠶᠢᠨ᠎ᠠ᠃ ᠢᠩᠭᠢᠬᠦ ᠳᠦ ᠪᠡᠨ ᠳᠡᠳ᠋ ᠪᠦᠲᠦᠴᠡ ᠪᠤᠶᠤ ᠬᠠᠯᠠᠭᠤᠨ ᠬᠦᠢᠲᠡᠨ ᠤᠰᠤ᠂ ᠠᠷᠢᠭᠤᠨ ᠴᠡᠪᠡᠷ ᠦᠨ ᠪᠠᠶᠢᠭᠤᠯᠤᠮᠵᠢ ᠶᠢ ᠵᠡᠷᠭᠡ ᠰᠢᠢᠳᠴᠦ ᠪᠠᠶᠢᠭ᠎ᠠ ᠶᠤᠮ᠃
ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ᠄ ᠤᠯᠠᠭᠠᠨᠪᠠᠭᠠᠲᠤᠷ ᠬᠣᠲᠠ ᠠᠴᠠ 1000 ᠭᠠᠷᠤᠢ  ᠺᠢᠯᠤᠮᠸᠲᠷ ᠵᠠᠢ ᠲᠠᠢ ᠡᠨᠡ ᠪᠥᠰᠡ ᠨᠤᠲᠤᠭ ᠲᠤ ᠭᠠᠵᠠᠷ ᠲᠠᠷᠢᠶᠠᠯᠠᠩ ᠢ ᠬᠥᠭᠵᠢᠭᠦᠯᠵᠦ ᠬᠥᠷᠰᠢ ᠵᠡᠷᠭᠡᠯᠡᠳᠡᠭᠡ ᠤᠯᠤᠰ᠂ ᠬᠣᠲᠠ ᠤᠷᠤᠭᠤ ᠪᠦᠲᠦᠭᠡᠭᠳᠡᠬᠦᠨ ᠡᠺᠰᠫᠣᠷᠲᠯᠠᠬᠤ ᠪᠣᠯᠤᠮᠵᠢ ᠪᠤᠢ᠃ ᠥᠭᠡᠷ᠎ᠡ ᠪᠡᠷ ᠬᠡᠯᠡᠪᠡᠯ᠂ ᠣᠷᠣᠨ ᠨᠤᠲᠤᠭ ᠲᠤ ᠨᠢ ᠶᠠᠮᠠᠷ ᠨᠢᠭᠡ ᠪᠠᠶᠢᠳᠠᠯ ᠢᠶᠠᠷ ᠪᠣᠯᠪᠠᠰᠤᠷᠠᠭᠤᠯᠬᠤ ᠦᠢᠯᠡᠳᠪᠦᠷᠢ ᠪᠠᠷᠢᠬᠤ ᠵᠡᠷᠭᠡ ᠪᠡᠷ ᠲᠥᠷᠥ ᠡᠴᠡ ᠪᠣᠳᠣᠯᠭ᠎ᠠ ᠪᠠᠷ ᠳᠡᠮᠵᠢᠬᠦ ᠱᠠᠭᠠᠷᠳᠠᠯᠭ᠎ᠠ ᠲᠠᠢ ᠭᠡᠵᠦ ᠦᠵᠡᠵᠦ ᠪᠠᠶᠢᠨ᠎ᠠ᠃ ᠮᠥᠨ ᠬᠠᠯᠬ᠎ᠠ ᠭᠤᠤᠯ ᠤᠨ ᠲᠤᠯᠤᠯᠳᠤᠭᠠᠨ ᠤ 80 ᠵᠢᠯ ᠢᠶᠡᠷ ᠪᠥᠬᠡ ᠪᠠᠷᠢᠯᠳᠤᠭᠤᠯᠵᠤ᠂ ᠮᠣᠷᠢ ᠪᠠᠷᠢᠯᠳᠤᠭᠤᠯᠤᠭᠠᠳ ᠵᠣᠭᠰᠣᠬᠤ ᠪᠤᠰᠤ ᠪᠣᠳᠠᠲᠤ ᠪᠦᠲᠦᠭᠡᠨ ᠪᠠᠶᠢᠭᠤᠯᠤᠯᠲᠠ ᠪᠣᠰᠬᠠᠶ᠎ᠠ ᠭᠡᠵᠦ ᠣᠷᠣᠰ ᠤᠨ ᠶᠡᠷᠦᠩᠬᠡᠶᠢᠯᠡᠭᠴᠢ ᠲᠡᠢ ᠠᠭᠤᠯᠵᠠᠬᠤ ᠦᠶ᠎ᠡ ᠪᠡᠷ ᠢᠶᠡᠨ ᠶᠠᠷᠢᠭᠰᠠᠨ᠃ ᠦᠷ᠎ᠡ ᠳ᠋ᠦᠩ ᠳᠦ ᠨᠢ ᠪᠦᠲᠦᠭᠡᠨ ᠪᠠᠶᠢᠭᠤᠯᠤᠯᠲᠠ ᠶᠢᠨ ᠠᠵᠢᠯ ᠥᠷᠨᠢᠵᠦ ᠡᠬᠢᠯᠡᠭᠰᠡᠨ᠃ ᠶᠢᠰᠦᠳᠦᠭᠡᠷ ᠰᠠᠷ᠎ᠠ ᠶᠢᠨ 3 ᠍ ᠳᠦ ᠪᠢᠳᠡ 80 ᠵᠢᠯ ᠦᠨ ᠣᠢ ᠪᠠᠨ ᠲᠡᠮᠳᠡᠭᠯᠡᠨ᠎ᠡ᠃ ᠡᠨᠡ ᠦᠶ᠎ᠡ ᠳᠦ ᠰᠢᠨ᠎ᠡ ᠰᠤᠮᠤ ᠶᠢᠨ ᠪᠦᠲᠦᠭᠡᠨ ᠪᠠᠶᠢᠭᠤᠯᠤᠯᠲᠠ ᠳᠠᠭᠤᠰᠴᠦ ᠂ ᠦᠢᠯᠡ ᠠᠵᠢᠯᠯᠠᠭ᠎ᠠ ᠨᠢ ᠵᠢᠭᠳᠡᠷᠡᠴᠢᠬᠡᠭᠰᠡᠨ ᠪᠠᠶᠢᠬᠤ ᠪᠣᠯᠪᠠ ᠤᠤ᠃ ᠡᠨᠡ ᠮᠡᠲᠦ ᠪᠡᠷ ᠪᠢᠳᠡ ᠠᠯᠤᠰᠯᠠᠭᠳᠠᠭᠰᠠᠨ 100 ᠭᠠᠷᠤᠢ ᠰᠤᠮᠤ᠂ ᠣᠷᠣᠨ ᠨᠤᠲᠤᠭ ᠢᠶᠠᠨ ᠬᠥᠭᠵᠢᠭᠦᠯᠬᠦ ᠱᠠᠭᠠᠷᠳᠠᠯᠭ᠎ᠠ ᠲᠠᠢ᠃ 2012 ᠣᠨ ᠳᠤ ᠤᠯᠤᠰ ᠤᠨ ᠶᠡᠬᠡ ᠬᠤᠷᠠᠯ ᠪᠠᠷ ᠠᠯᠤᠰᠯᠠᠭᠳᠠᠭᠰᠠᠨ  ᠰᠤᠮᠤᠳ ᠢᠶᠠᠨ ᠰᠢᠨᠡᠴᠢᠯᠡᠬᠦ ᠪᠡᠷ ᠪᠣᠯᠤᠭᠰᠠᠨ  ᠬᠤᠶᠠᠷ ᠭᠤᠷᠪᠠᠬᠠᠨ ᠰᠤᠮᠤ ᠰᠢᠨᠡᠴᠢᠯᠡᠭᠳᠡᠭᠡᠳ ᠡᠨᠡ ᠠᠵᠢᠯ ᠵᠣᠭᠰᠣᠭᠰᠠᠨ᠃ ᠲᠠ ᠪᠦᠬᠦᠨ  ᠬᠠᠯᠬ᠎ᠠ ᠭᠤᠤᠯ ᠤᠨ ᠪᠦᠲᠦᠭᠡᠨ ᠪᠠᠶᠢᠭᠤᠯᠤᠯᠲᠠ ᠪᠠᠷ ᠰᠤᠮᠤ ᠰᠢᠨᠡᠳᠭᠡᠬᠦ ᠠᠵᠢᠯ ᠠᠮᠵᠢᠯᠲᠠ ᠲᠠᠢ ᠦᠷᠭᠦᠯᠵᠢᠯᠡᠵᠦ ᠪᠠᠶᠢᠭ᠎ᠠ ᠶᠢ ᠬᠠᠷᠠᠵᠤ ᠪᠠᠶᠢᠭ᠎ᠠ ᠪᠠᠶᠢᠬᠤ᠃ ᠮᠥᠨ ᠠᠵᠢᠯ ᠳᠤ ᠪᠠᠷᠢᠯᠭ᠎ᠠ ᠶᠢᠨ ᠴᠡᠷᠢᠭ ᠦᠨ ᠠᠩᠭᠢ ᠶᠢᠨ ᠬᠢᠨ ᠣᠷᠣᠯᠴᠠᠵᠤ ᠪᠠᠶᠢᠭ᠎ᠠ᠃ ᠳᠣᠲᠣᠭᠠᠳᠤ ᠶᠢᠨ ᠠᠵᠢᠯᠯᠠᠬᠤ ᠬᠦᠴᠦᠨ ᠢᠶᠡᠷ ᠢᠶᠡᠨ ᠪᠠᠬᠠᠷᠬᠠᠵᠤ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ