ᠳᠤᠷᠠᠰᠬᠠᠯ ᠤᠨ ᠵᠣᠭᠣᠰ ᠬᠤᠳᠠᠯᠳᠤᠭᠠᠨ ᠳ᠋ᠥ ᠭᠠᠷᠤᠯ᠎ᠠ | News.MN

ᠳᠤᠷᠠᠰᠬᠠᠯ ᠤᠨ ᠵᠣᠭᠣᠰ ᠬᠤᠳᠠᠯᠳᠤᠭᠠᠨ ᠳ᠋ᠥ ᠭᠠᠷᠤᠯ᠎ᠠ

ᠮᠣᠩᠭᠣᠯ  ᠪᠠᠩᠭᠢᠨ ᠠᠴᠠ ᠡᠷᠬᠢᠯᠡᠨ ᠭᠠᠷᠭᠠᠳᠠᠭ ᠳᠤᠷᠠᠰᠬᠠᠯ ᠤᠨ ᠵᠤᠭᠤᠰ ᠤᠳ ᠣᠯᠠᠨ ᠰᠡᠳᠦᠪ ᠲᠡᠢ ᠪᠥᠭᠡᠳ ᠲᠡᠭᠦᠨ ᠦ ᠨᠢᠭᠡ ᠨᠢ ᠲᠡᠦᠬᠡᠨ ᠦᠢᠯᠡ ᠶᠠᠪᠤᠳᠠᠯ ᠤᠨ ᠤᠢ ᠨᠤᠭᠤᠳ ᠲᠤ ᠵᠣᠷᠢᠭᠤᠯᠤᠭᠳᠠᠳᠠᠭ ᠪᠥᠭᠡᠳ ᠡᠨᠡ ᠵᠢᠯ ᠬᠠᠯᠬ᠎ᠠ ᠶᠢᠨ ᠭᠣᠣᠯ ᠤᠨ 1939 ᠣᠨ ᠤ ᠪᠠᠶᠢᠯᠳᠤᠭᠠᠨ ᠤ ᠢᠯᠠᠯᠲᠠ ᠶᠢᠨ 80 ᠵᠢᠯ ᠦᠨ ᠣᠢ ᠲᠣᠬᠢᠶᠠᠵᠤ ᠪᠤᠢ ᠲᠠᠢ ᠬᠣᠯᠪᠣᠭᠳᠠᠭᠤᠯᠵᠤ᠂ ︽ᠬᠠᠯᠬ᠎ᠠ ᠶᠢᠨ ᠭᠣᠣᠯ 80 ᠵᠢᠯ︾ ᠳᠤᠷᠠᠰᠬᠠᠯ ᠤᠨ ᠵᠣᠭᠣᠰ ᠢ ᠦᠢᠯᠡᠳᠪᠦᠷᠢᠯᠡᠭᠦᠯᠦᠯ᠎ᠡ᠃
ᠮᠥᠨ ᠤᠭ ᠵᠣᠭᠣᠰ ᠲᠠᠢ ᠬᠠᠮᠲᠤ᠂ ᠬᠣᠲᠠ ᠮᠠᠨᠳᠠᠯ ᠬᠡᠮᠡᠬᠦ ᠳᠤᠶᠢᠩᠬᠣᠷ ᠪᠤᠷᠬᠠᠨ ᠤ ᠣᠷᠳᠣ ᠬᠠᠷᠰᠢ ᠶᠢ ᠳᠦᠷᠰᠦᠯᠡᠭᠰᠡᠨ ︽ᠬᠣᠲᠠ ᠮᠠᠨᠳᠠᠯ︾ ᠳᠤᠷᠠᠰᠬᠠᠯ ᠤᠨ ᠮᠥᠩᠭᠥᠨ ᠵᠣᠭᠣᠰ ᠢ ᠬᠤᠳᠠᠯᠳᠤᠭᠠᠨ ᠳᠤ ᠭᠠᠷᠭᠠᠭᠠᠳ ᠪᠠᠶᠢᠨ᠎ᠠ᠃ ᠳᠠᠰᠢᠷᠠᠮ ᠳᠤ ᠰᠣᠨᠢᠷᠬᠠᠭᠤᠯᠬᠤ ᠳᠤ ᠬᠣᠲᠠ ᠮᠠᠨᠳᠠᠯ ᠤᠨ ᠭᠣᠣᠯ ᠳᠤ ᠳᠤᠶᠢᠩᠬᠣᠷ ᠪᠤᠷᠬᠠᠨ ᠤᠷᠤᠰᠢᠬᠤ᠂ ᠲᠣᠭᠣᠷᠢᠭᠠᠳ 365 ᠪᠤᠰᠤᠳ ᠪᠤᠷᠬᠠᠨ ᠪᠠᠶᠢᠬᠤ ᠡᠨᠡᠬᠦ ᠳᠦᠷᠰᠦᠯᠡᠯ ᠢ ︽ᠴᠣᠭᠲᠤ ᠴᠠᠭ ᠤᠨ ᠬᠦᠷᠳᠦᠨ︾ ᠬᠡᠮᠡᠨ ᠨᠡᠷᠡᠶᠢᠳᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ