︽ᠮᠣᠩᠭᠣᠯ ᠰᠠᠷᠯᠤᠭ︾  ᠦᠵᠡᠭᠦᠯᠦᠯᠭᠡ ᠶᠢ ᠵᠣᠬᠢᠶᠠᠨ ᠪᠠᠶᠢᠭᠤᠯᠤᠨ᠎ᠠ  | News.MN

 ︽ᠮᠣᠩᠭᠣᠯ ᠰᠠᠷᠯᠤᠭ︾  ᠦᠵᠡᠭᠦᠯᠦᠯᠭᠡ ᠶᠢ ᠵᠣᠬᠢᠶᠠᠨ ᠪᠠᠶᠢᠭᠤᠯᠤᠨ᠎ᠠ 

ᠮᠣᠩᠭᠣᠯ ᠰᠠᠷᠯᠤᠭ ᠢ ᠭᠠᠳᠠᠭᠠᠳᠤ ᠳᠣᠲᠣᠭᠠᠳᠤ ᠶᠢᠨ ᠵᠢᠭᠤᠯᠴᠢᠳ ᠲᠤ ᠰᠤᠷᠲᠠᠯᠴᠢᠯᠠᠳᠠᠭ ︽ᠮᠣᠩᠭᠣᠯ ᠰᠠᠷᠯᠤᠭ︾ ᠦᠵᠡᠭᠦᠯᠦᠯᠭᠡ  ᠨᠠᠶᠢᠮᠠᠳᠤᠭᠠᠷ ᠰᠠᠷ᠎ᠠ ᠶᠢᠨ 17 – 20 ᠍ ᠳᠦ ᠠᠷᠤᠬᠠᠩᠭᠠᠢ ᠠᠶᠢᠮᠠᠭ ᠲᠤ ᠪᠣᠯᠤᠨ᠎ᠠ᠃ ᠨᠠᠭᠠᠳᠤᠮ ᠤᠨ ᠵᠣᠷᠢᠯᠭ᠎ᠠ ᠨᠢ ᠣᠷᠣᠨ ᠨᠤᠲᠤᠭ ᠤᠨ ᠠᠶᠠᠯᠠᠯ ᠵᠢᠭᠤᠯᠴᠢᠯᠠᠯ ᠢ ᠬᠥᠭᠵᠢᠭᠦᠯᠬᠦ᠂ ᠰᠠᠷᠯᠤᠭ ᠤᠨ ᠬᠥᠭᠡᠪᠦᠷ ᠢᠶᠡᠷ ᠬᠢᠭᠰᠡᠨ ᠪᠦᠲᠦᠭᠡᠭᠳᠡᠬᠦᠨ ᠢ ᠰᠤᠷᠲᠠᠯᠴᠢᠯᠠᠬᠤ᠂ ᠰᠠᠷᠯᠤᠭ ᠤᠨ ᠡᠭᠦᠯᠳᠡᠷ ᠤᠭᠰᠠᠭ᠎ᠠ ᠶᠢ ᠴᠢᠨᠠᠷᠵᠢᠭᠤᠯᠵᠤ᠂ ᠠᠰᠢᠭ ᠰᠢᠮ᠎ᠡ ᠶᠢ ᠨᠢ ᠨᠡᠮᠡᠭᠳᠡᠭᠦᠯᠦᠭᠰᠡᠨ ᠮᠠᠯᠴᠢᠳ ᠤᠨ ᠬᠥᠳᠡᠯᠮᠦᠷᠢ ᠶᠢ ᠦᠨᠡᠯᠡᠬᠦ᠂ ᠠᠯᠳᠠᠷᠰᠢᠭᠤᠯᠬᠤ᠂ ᠵᠠᠬ᠎ᠠ ᠵᠡᠭᠡᠯᠢ ᠶᠢ ᠲᠡᠯᠡᠬᠦ᠂ ᠲᠦᠭᠦᠬᠡᠢ ᠡᠳ᠋ ᠍ ᠦᠨ ᠪᠣᠷᠣᠯᠠᠭᠤᠯᠤᠯᠲᠠ ᠶᠢ ᠨᠡᠮᠡᠭᠳᠡᠭᠦᠯᠬᠦ ᠳᠦ ᠣᠷᠣᠰᠢᠵᠤ ᠪᠠᠶᠢᠨ᠎ᠠ᠃
ᠨᠠᠢᠮᠠᠳᠤᠭᠠᠷ ᠰᠠᠷ᠎ᠠ ᠶᠢᠨ 18 ᠍ ᠳᠦ ᠠᠷᠤᠬᠠᠩᠭᠠᠢ ᠠᠶᠢᠮᠠᠭ ᠤᠨ ᠶᠡᠬᠡ ᠲᠠᠮᠢᠷ ᠰᠤᠮᠤ ᠶᠢᠨ ᠲᠠᠶᠢᠬᠠᠷ ᠤᠨ ᠲᠠᠯ᠎ᠠ ᠳᠤ ᠵᠣᠬᠢᠶᠠᠭᠳᠠᠬᠤ ︽ᠮᠣᠩᠭᠣᠯ ᠰᠠᠷᠯᠤᠭ︾  ᠦᠵᠡᠭᠦᠯᠦᠯᠭᠡ ᠨᠢ ︽ᠰᠦᠷᠯᠢᠭ ᠬᠠᠩᠭᠠᠢ︾ ᠰᠠᠷᠯᠤᠭ ᠤᠨ ᠫᠠᠷᠠᠳ᠋᠂  ︽ᠬᠥᠬᠡᠳᠡᠢ︾ ᠤᠷᠤᠯᠳᠤᠭᠠᠨᠲᠤ ᠲᠡᠮᠡᠴᠡᠭᠡᠨ᠂ ︽ᠰᠠᠶᠢᠬᠠᠨ ᠰᠠᠷᠯᠤᠭ︾᠂ ︽ᠭᠠᠩᠭᠠᠩ ᠰᠠᠷᠯᠤᠭ︾᠂  ︽ᠰᠠᠷᠯᠤᠭ ᠲᠤ ᠡᠭᠡᠯᠢᠲᠡᠢ ᠮᠠᠯᠴᠢᠨ︾᠂ ︽ᠰᠠᠭᠯᠠᠭᠠᠷ ᠰᠠᠭᠰᠠᠭᠠᠬᠠᠢ︾᠂  ︽ᠰᠢᠮᠡᠲᠦ ᠢᠳᠡᠭᠡ ︾᠂  ︽ᠠᠷᠪᠢᠨ ᠪᠠᠶᠠᠯᠢᠭ︾᠂  ︽ᠤᠷᠠᠨ ᠰᠠᠷᠯᠤᠭ︾ ᠲᠥᠷᠥᠯ ᠢᠶᠡᠷ ᠶᠠᠪᠤᠭᠳᠠᠨ᠎ᠠ᠃ ᠮᠥᠨ ᠵᠢᠭᠤᠯᠴᠢᠳ ᠲᠤ ᠵᠣᠷᠢᠭᠤᠯᠤᠭᠰᠠᠨ  ︽ᠴᠠᠭᠠᠳᠠᠢ︾ ᠦᠵᠡᠰᠬᠦᠯᠡᠩ᠂  ︽ᠶᠠᠭᠠᠳᠠᠢ︾ ᠤᠷᠠᠯᠢᠭ ᠤᠨ ᠲᠣᠭᠯᠠᠯᠲᠠ ᠶᠢ ᠵᠣᠬᠢᠶᠠᠨ ᠪᠠᠶᠢᠭᠤᠯᠤᠨ᠎ᠠ᠃

ᠰᠡᠳᠬᠢᠭᠳᠡᠯ ᠦᠯᠡᠳᠡᠭᠡᠬᠦ