ᠵᠢᠯ ᠪᠦᠷᠢ ᠶᠢᠨ 8 ᠳ᠋ᠤᠭᠠᠷ ᠰᠠᠷ᠎ᠠ ᠶᠢᠨ 1-7 ᠳᠦ ᠳᠡᠯᠡᠬᠡᠢ ᠶᠢᠨ 170 ᠭᠠᠷᠤᠢ ᠣᠷᠣᠨ ︽ᠬᠡᠦᠬᠡᠳ ᠢ ᠡᠬᠡ ᠶᠢᠨ ᠰᠦ ᠍ ᠪᠡᠷ ᠬᠤᠭᠤᠯᠠᠯᠠᠬᠤ ᠶᠢ ᠳᠡᠮᠵᠢᠬᠦ ᠳᠡᠯᠡᠬᠡᠢ ᠶᠢᠨ ᠳᠣᠯᠣᠭ᠎ᠠ ᠬᠣᠨᠣᠭ︾ ᠍ ᠢ ᠲᠡᠮᠳᠡᠭᠯᠡᠳᠡᠭ ᠪᠠ ᠡᠨᠡ ᠵᠢᠯ ︽ᠡᠩᠬᠦᠷᠡᠢ ᠦᠷᠡᠰ ᠡᠷᠡᠭᠦᠯ ᠲᠣᠷᠨᠢᠬᠤ ᠳᠤ ᠡᠴᠢᠭᠡ ᠬᠦᠮᠦᠨ ᠦ ᠳᠡᠮᠵᠢᠯᠭᠡ ᠴᠢᠬᠤᠯᠠ︾ ᠤᠷᠢᠶᠠᠨ ᠳᠣᠣᠷ᠎ᠠ ᠲᠡᠮᠳᠡᠭᠯᠡᠨ ᠥᠩᠭᠡᠷᠡᠭᠦᠯᠵᠦ ᠪᠤᠢ᠃
ᠡᠬᠡ ᠶᠢᠨ ᠰᠦ ᠪᠡᠷ ᠬᠤᠭᠤᠯᠠᠯᠠᠬᠤ ᠶᠢ ᠳᠡᠮᠵᠢᠬᠦ ᠳᠡᠯᠡᠬᠡᠢ ᠶᠢᠨ 7 ᠬᠣᠨᠣᠭ ᠲᠠᠢ ᠬᠣᠯᠪᠣᠭᠠᠲᠠᠢ ᠪᠠᠷ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ 2018 ᠣᠨ ᠳᠤ ᠶᠠᠪᠤᠭᠤᠯᠤᠭᠰᠠᠨ ᠨᠡᠶᠢᠭᠡᠮ ᠤᠨ ᠦᠵᠡᠭᠦᠯᠦᠯᠲᠡ ᠶᠢᠨ ᠲᠡᠭᠦᠪᠦᠷᠢ ᠰᠤᠳᠤᠯᠭᠠᠨ ᠤ ᠦᠷ᠎ᠡ ᠳ᠋ᠦᠩ ᠢᠶᠡᠷ ᠲᠣᠭᠠᠴᠠᠭᠰᠠᠨ ᠡᠬᠡ ᠶᠢᠨ ᠰᠦ ᠬᠣᠭᠣᠯᠠᠯᠠᠯᠲᠠ ᠶᠢᠨ ᠲᠠᠯᠠᠭᠠᠷᠬᠢ ᠰᠣᠨᠢᠷᠬᠠᠯᠲᠠᠢ ᠲᠣᠭᠠᠨ ᠮᠡᠳᠡᠭᠡᠯᠡᠯ ᠢ ᠬᠠᠷᠠᠬᠤ ᠳᠤ ᠮᠠᠨᠠᠢ ᠤᠯᠤᠰ ᠨᠢ ᠡᠬᠡ ᠶᠢᠨ ᠰᠦ ᠬᠣᠭᠣᠯᠠᠯᠠᠯᠲᠠ ᠪᠠᠷ ᠳᠡᠯᠡᠬᠡᠢ ᠶᠢᠨ ᠲᠦᠪᠰᠢᠨ ᠡᠴᠡ ᠳᠡᠭᠡᠭᠦᠷ ᠪᠠᠶᠢᠨ᠎ᠠ ᠃