ᠳᠤᠮᠳᠠᠴᠢ ᠨᠠᠰᠤᠯᠠᠯᠲᠠ ᠪᠠᠷ ᠳᠤᠮᠳᠠᠭᠣᠪᠢ ᠶᠢᠨ ᠬᠢᠨ ᠲᠡᠷᠢᠭᠦᠯᠡᠵᠦ ᠪᠠᠶᠢᠨ᠎ᠠ  | News.MN

ᠳᠤᠮᠳᠠᠴᠢ ᠨᠠᠰᠤᠯᠠᠯᠲᠠ ᠪᠠᠷ ᠳᠤᠮᠳᠠᠭᠣᠪᠢ ᠶᠢᠨ ᠬᠢᠨ ᠲᠡᠷᠢᠭᠦᠯᠡᠵᠦ ᠪᠠᠶᠢᠨ᠎ᠠ 

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠠᠴᠠ ᠡᠳ᠋ ᠦᠨ ᠵᠠᠰᠠᠭ᠂ ᠨᠡᠶᠢᠭᠡᠮ ᠤᠨ ᠲᠣᠭᠲᠠᠪᠤᠷᠢᠲᠠᠢ ᠬᠦᠭᠵᠢᠯ ᠳᠦ ᠬᠦᠮᠦᠨ ᠦ ᠬᠥᠭᠵᠢᠯ ᠤᠯᠠᠮ ᠪᠦᠷ ᠴᠢᠬᠤᠯᠠ ᠪᠣᠯᠵᠤ ᠪᠠᠶᠢᠭ᠎ᠠ ᠶᠢ ᠲᠣᠳᠣᠷᠬᠠᠶᠢᠯᠠᠬᠤ ᠵᠣᠷᠢᠯᠭ᠎ᠠ ᠪᠠᠷ ᠦᠨᠳᠦᠰᠦᠨ ᠦ ᠬᠦᠮᠦᠨ ᠦ ᠬᠥᠭᠵᠢᠯ ᠦᠨ ᠢᠯᠡᠳᠬᠡᠯ ᠢ ᠭᠠᠷᠭᠠᠵᠤ ᠪᠠᠶᠢᠬᠤ ᠶᠢ ᠭᠡᠰᠢᠭᠦᠨ ᠣᠷᠣᠨ ᠨᠤᠭᠤᠳ ᠲᠠᠭᠠᠨ ᠤᠷᠢᠶᠠᠯᠠᠭᠰᠠᠨ᠃ ᠡᠨᠡ ᠳᠠᠭᠠᠤ ᠮᠣᠩᠭᠣᠯ ᠤᠯᠤᠰ ᠠᠩᠬᠠᠨ ᠤ ᠢᠯᠡᠳᠬᠡᠯ ᠢᠶᠡᠨ 1997 ᠣᠨ ᠳᠤ ᠭᠠᠷᠭᠠᠭᠰᠠᠨ᠃ ᠲᠡᠭᠦᠨ ᠡᠴᠡ ᠬᠣᠶᠢᠰᠢ ᠭᠤᠷᠪᠠᠨ ᠵᠢᠯ ᠦᠨ ᠳᠠᠪᠲᠠᠮᠵᠢ ᠲᠠᠢ ᠪᠠᠷ ᠨᠡᠶᠢᠲᠡ ᠵᠢᠷᠭᠤᠭᠠᠨ ᠢᠯᠡᠳᠬᠡᠯ ᠢ  ᠭᠠᠷᠭᠠᠵᠠᠢ ᠃ ᠮᠣᠩᠭᠣᠯ ᠤᠯᠤᠰ ᠥᠩᠭᠡᠷᠡᠭᠰᠡᠨ ᠣᠨ ᠳᠤ ᠬᠦᠮᠦᠨ ᠦ ᠬᠥᠭᠵᠢᠯ ᠢᠶᠡᠷ ᠣᠯᠠᠨ ᠤᠯᠤᠰ ᠤᠨ ᠲᠦᠪᠰᠢᠨ ᠳᠦ 189 ᠣᠷᠣᠨ ᠠᠴᠠ 92  ᠲᠤ ᠵᠢᠭᠰᠠᠵᠤ ᠂ ᠬᠦᠮᠦᠨ ᠦ ᠬᠥᠭᠵᠢᠯ ᠢᠶᠡᠷ ᠥᠨᠳᠥᠷ ᠣᠷᠣᠨ ᠨᠤᠭᠤᠳ ᠤᠨ ᠲᠣᠭᠠᠨ ᠳᠤ ᠪᠠᠭᠲᠠᠭᠰᠠᠨ ᠪᠠᠶᠢᠨ᠎ᠠ᠃ ᠬᠦᠮᠦᠨ ᠦ ᠬᠥᠭᠵᠢᠯ ᠦᠨ ᠢᠨᠳᠧᠺᠰ 2000 ᠣᠨ ᠳᠤ 0.667 ᠪᠠᠶᠢᠭᠰᠠᠨ ᠪᠣᠯ 2018 ᠣᠨ ᠳᠤ 0.741 ᠪᠣᠯᠵᠤ 9.8 ᠬᠤᠪᠢ ᠪᠠᠷ ᠨᠡᠮᠡᠭᠳᠡᠭᠰᠡᠨ ᠬᠡᠳᠦᠢ ᠴᠤ ᠬᠦᠮᠦᠨ ᠦ ᠬᠥᠭᠵᠢᠯ ᠦᠨ ᠲᠡᠭᠰᠢ ᠪᠤᠰᠤ ᠪᠠᠶᠢᠳᠠᠯ ᠢᠶᠠᠷ ᠵᠠᠰᠠᠪᠤᠷᠢᠯᠠᠭᠰᠠᠨ ᠢᠨᠳᠧᠺᠰ 0.653 ᠪᠣᠯᠵᠤ᠂ ᠲᠡᠭᠰᠢ ᠪᠤᠰᠤ ᠪᠠᠶᠢᠳᠠᠯ ᠤᠨ ᠤᠯᠠᠮ ᠠᠴᠠ ᠠᠯᠳᠠᠭᠳᠠᠭᠰᠠᠨ ᠪᠣᠯᠤᠮᠵᠢ 13.3 ᠬᠤᠪᠢ ᠪᠠᠶᠢᠭ᠎ᠠ ᠨᠢ ᠡᠷᠡᠭᠦᠯ ᠮᠡᠨᠳᠦ᠂ ᠪᠣᠯᠪᠠᠰᠤᠷᠠᠯ᠂ ᠣᠷᠣᠯᠭ᠎ᠠ ᠳᠤ ᠲᠡᠭᠰᠢ ᠪᠤᠰᠤ ᠪᠠᠶᠢᠳᠠᠯ ᠨᠥᠯᠦᠭᠡᠯᠡᠵᠦ ᠪᠠᠶᠢᠭ᠎ᠠ ᠶᠢ ᠬᠠᠷᠠᠭᠤᠯᠵᠠᠢ᠃
ᠥᠩᠭᠡᠷᠡᠭᠰᠡᠨ ᠣᠨ ᠤ ᠪᠠᠶᠢᠳᠠᠯ ᠢᠶᠠᠷ ᠮᠣᠩᠭᠣᠯ ᠤᠯᠤᠰ ᠤᠨ ᠬᠦᠮᠦᠨ ᠦ ᠬᠥᠭᠵᠢᠯ ᠦᠨ ᠢᠨᠳᠧᠺᠰ ᠢ ᠠᠶᠢᠮᠠᠭ᠂ ᠨᠡᠶᠢᠰᠯᠡᠯ ᠦᠨ ᠲᠦᠪᠰᠢᠨ ᠳᠦ ᠠᠪᠴᠤ ᠦᠵᠡᠬᠦ ᠳᠦ ᠬᠠᠮᠤᠭ ᠤᠨ ᠥᠨᠳᠥᠷ ᠨᠢ ᠤᠯᠠᠭᠠᠨᠪᠠᠭᠠᠲᠤᠷ ︵0.822︶ ᠂ ᠤᠯᠤᠰ ᠤᠨ ᠳᠤᠮᠳᠠᠴᠢ ᠠᠴᠠ 0.082 ᠨᠢᠭᠡᠴᠡ ᠪᠡᠷ ᠳᠡᠭᠡᠭᠦᠷ᠂ ᠣᠷᠬᠣᠨ ︵0.778︶᠂ ᠳᠣᠷᠣᠨᠠᠲᠤ  ︵0.715)᠂ ᠡᠮᠦᠨᠡᠭᠣᠪᠢ ︵0.703) ᠪᠠᠶᠢᠨ᠎ᠠ᠃ ᠬᠠᠷᠢᠨ ᠬᠥᠪᠰᠥᠭᠥᠯ ︵0.634︶᠂ ᠥᠪᠦᠷᠬᠠᠩᠭᠠᠢ  ︵0.640︶᠂ ᠤᠪᠰᠤ ︵0.649 ︶᠂ ᠪᠠᠶᠠᠨᠬᠣᠩᠭᠣᠷ ︵0.651︶᠂ ᠪᠠᠶᠠᠨ-ᠥᠯᠥᠭᠡᠢ  ︵0.651︶ ᠠᠶᠢᠮᠠᠭ ᠤᠳ ᠤᠯᠤᠰ ᠤᠨ ᠳᠤᠮᠳᠠᠴᠢ ᠠᠴᠠ 0.106-0.654 ᠨᠢᠭᠡᠴᠡ ᠪᠡᠷ ᠳᠤᠭᠤᠤᠷ ᠪᠠᠶᠢᠨ᠎ᠠ᠃
ᠬᠦᠮᠦᠨ ᠠᠮᠠ ᠶᠢᠨ ᠳᠤᠮᠳᠠᠴᠢ ᠨᠠᠰᠤᠯᠠᠯᠲᠠ ᠶᠢᠨ ᠢᠨᠳᠧᠺᠰ ᠢᠶᠡᠷ ᠬᠠᠮᠤᠭ ᠤᠨ ᠥᠨᠳᠥᠷ ᠨᠢ ᠳᠤᠮᠳᠠᠭᠤᠪᠢ ᠪᠠᠶᠢᠨ᠎ᠠ᠃ ᠲᠤᠰ ᠠᠶᠢᠮᠠᠭ ᠤᠨ ᠬᠦᠮᠦᠨ ᠠᠮᠠ ᠶᠢᠨ ᠳᠤᠮᠳᠠᠴᠢ ᠨᠠᠰᠤᠯᠠᠯᠲᠠ ᠨᠢ 73.9 ᠪᠠᠶᠢᠭ᠎ᠠ ᠠᠵᠠᠢ ᠃ ᠲᠡᠭᠡᠪᠡᠯ ᠪᠤᠯᠠᠭᠠᠨ ᠠᠶᠢᠮᠠᠭ ᠤᠨ ᠢᠷᠭᠡᠳ ᠦᠨ ᠳᠤᠮᠳᠠᠴᠢ ᠨᠠᠰᠤᠯᠠᠯᠲᠠ 73.4᠂ ᠪᠠᠶᠠᠨ-ᠥᠯᠥᠭᠡᠢ 73.1 ᠪᠠᠶᠢᠨ᠎ᠠ᠃

ᠰᠡᠳᠬᠢᠭᠳᠡᠯ ᠦᠯᠡᠳᠡᠭᠡᠬᠦ